ᠠᠷᠭᠠᠯ ᠲᠡᠭᠦᠵᠦ ᠬᠠᠰᠢᠶᠠᠯᠠᠬᠤ ᠶᠤᠰᠤ ᠵᠢᠷᠤᠮ ᠤᠨ ᠲᠤᠬᠠᠢ ︵ᠨᠢᠭᠡ︶
ᠨᠡᠶᠢᠲᠡᠯᠡᠭᠰᠡᠨ ᠴᠠᠭ᠄
2023/11/27
      ᠠᠷᠭᠠᠯ ᠪᠤᠯ ᠦᠬᠡᠷ ᠤᠨ ᠬᠠᠳᠠᠭᠠᠭᠰᠡᠨ ᠪᠠᠭᠠᠰᠤ ᠮᠦᠨ᠃ ᠡᠭᠦᠨ ᠢ ᠮᠠᠯᠵᠢᠬᠤ ᠤᠷᠤᠨ ᠳᠤ ᠭᠤᠥᠯ ᠲᠦᠯᠡᠰᠢ ᠪᠠᠨ ᠪᠤᠯᠭᠠᠵᠤ᠂ ᠮᠠᠯ ᠤᠨ ᠬᠡᠰᠢᠭ ᠰᠢᠮ᠎ᠡ ᠬᠡᠵᠤ ᠦᠵᠡᠵᠤ ᠬᠠᠪᠤᠷ ᠨᠢ ᠲᠠᠷᠠᠭ᠎ᠠ ᠡᠪᠤᠯ ᠬᠠᠪᠤᠷ ᠤᠨ ᠲᠦᠯᠡᠰᠢ — ᠠᠷᠭᠠᠯ ᠢᠶᠠᠨ ᠪᠡᠯᠡᠳᠬᠡᠨ ᠬᠠᠰᠢᠶᠠᠯᠠᠵᠤ ᠲᠠᠪᠬᠤᠷᠯᠠᠵᠤ ᠠᠪᠳᠠᠭ᠃       ᠡᠨᠡ ᠨᠢ ᠮᠤᠩᠭᠤᠯᠴᠥᠳ ᠤᠨ ᠡᠷᠳᠠᠨ ᠠᠴᠠ ᠤᠯᠠᠮᠵᠢᠯᠠᠭᠳᠠᠨ ᠢᠷᠡᠭᠰᠡᠨ ᠦᠨᠳᠦᠰᠦᠳᠠᠨ ᠤ ᠵᠠᠩ ᠦᠢᠯᠡ ᠮᠦᠨ᠃ ᠮᠠᠯᠴᠢᠳ ᠨᠡᠭᠦᠳᠡᠯ ᠠᠮᠢᠳᠤᠷᠠᠯ  ᠳᠠᠭᠠᠨ ᠮᠦᠨ ᠠᠭᠤᠯᠠᠨ ᠮᠤᠳᠤ ᠶᠢ ᠲᠤᠷ᠎ᠠ ᠪᠠᠷ ᠢᠶᠠᠨ ᠤᠭᠳᠤᠯᠵᠤ ᠠᠪᠬᠤ ᠦᠭᠡᠢ ᠬᠠᠷᠢᠨ ᠬᠡᠬᠡᠷ᠎ᠡ ᠶᠢᠨ ᠠᠶᠠᠨᠳᠠᠭᠠᠨ ᠬᠠᠲᠠᠭᠰᠠᠨ ᠠᠷᠭᠠᠯ ᠢ ᠲᠡᠭᠦᠵᠤ ᠲᠦᠯᠡᠰᠢ ᠪᠤᠯᠭᠠᠳᠠᠭ ᠡᠷᠭᠢᠮ ᠨᠠᠨᠳᠢᠨ ᠰᠤᠷᠳᠠᠯ ᠲᠠᠢ ᠶᠤᠮ᠃ ᠶᠠᠭ ᠡᠶᠢᠮᠦ ᠠᠴᠠ ᠠᠷᠭᠠᠯ ᠲᠡᠭᠦᠭᠦ ᠪᠣᠯ ᠮᠤᠩᠭᠤᠯ ᠠᠮᠢᠳᠤᠷᠠᠯ ᠤᠨ ᠲᠤᠮᠳᠠ ᠲᠤᠳᠠᠭᠳᠠᠵᠤ ᠪᠤᠯᠤᠰᠢ ᠦᠭᠡᠢ ᠠᠵᠢᠯ ᠪᠤᠯᠵᠤ᠂ ᠮᠤᠩᠭᠤᠯ ᠵᠠᠩ ᠵᠠᠩᠰᠢᠯ ᠮᠤᠩᠭᠤᠯ ᠰᠤᠶᠤᠯ ᠤᠨ ᠪᠠᠰᠠ ᠨᠢᠭᠡᠨ ᠴᠢᠬᠤᠯᠠ ᠪᠦᠷᠢᠯᠳᠦᠭᠦᠨ ᠬᠡᠰᠡᠭ ᠪᠤᠯᠵᠤ ᠴᠢᠳᠠᠭᠰᠡᠨ ᠪᠠᠶᠢᠨ᠎ᠠ᠃ ᠨᠢᠭᠡ᠂ ᠠᠷᠤᠭ ᠭᠦᠷᠦᠭᠦ ᠠᠷᠭᠠᠯ ᠲᠡᠭᠦᠭᠦ ᠳᠡᠭᠡᠨ ᠠᠷᠤᠭ ᠡᠭᠦᠷᠴᠦ ᠰᠠᠪᠠᠷ ᠢᠶᠠᠷ ᠲᠡᠭᠦᠳᠡᠭ᠃ ᠠᠷᠤᠭ ᠢ ᠮᠤᠩᠭᠤᠯᠴᠥᠳ ᠥᠪᠡᠷᠲᠡᠭᠡᠨ ᠭᠦᠷᠦᠵᠤ ᠪᠦᠳᠦᠭᠡᠳᠡᠭ᠃ ᠡᠭᠦᠨ ᠳᠤ ᠪᠠᠭᠠᠷᠢᠨ ᠪᠠ ᠦᠵᠦᠮᠦᠴᠢᠨ ᠪᠦᠷ ᠠᠳᠠᠯᠢ ᠪᠤᠰᠤ ᠬᠡᠯᠪᠡᠷᠢ ᠲᠦᠷᠰᠦ ᠲᠠᠢ ᠠᠷᠤᠭ ᠭᠦᠷᠦᠵᠦ ᠬᠡᠷᠡᠭᠯᠡᠳᠡᠭ᠃ ᠪᠠᠭᠠᠷᠢᠨ ᠳᠤ ᠠᠷᠤᠭ ᠭᠦᠷᠦᠭᠦ ᠳᠡᠭᠡᠨ ᠭᠤᠥᠯ ᠬᠡᠷᠡᠭᠯᠡᠭᠦ ᠲᠦᠭᠦᠭᠡᠢ ᠮᠠᠲ᠋ᠧᠷᠢᠶᠠᠯ ᠪᠤᠯ ᠲᠡᠯᠳᠦᠨ ᠮᠤᠳᠤᠨ ᠤ ᠰᠦᠭᠡᠭ ᠪᠤᠯᠤᠨ᠎ᠠ᠃ ᠪᠠᠰᠠ ᠵᠠᠷᠢᠮ ᠳᠠᠭᠠᠨ ᠪᠤᠷᠭᠠᠰᠤᠨ ᠰᠦᠭᠡᠭ᠂ ᠬᠠᠶᠢᠯᠠᠰᠤᠨ ᠰᠦᠭᠡᠭ ᠪᠤᠶᠤ ᠴᠠᠶᠢᠷ ᠤᠨ ᠮᠤᠳᠤ ︵ᠨᠠᠷᠢᠨ ᠢ ᠨᠢ ᠰᠤᠩᠭᠤᠵᠤ ᠠᠪᠳᠠᠭ᠃ ᠨᠠᠷᠢᠨ ᠲᠡᠯᠳᠦᠨ ᠮᠤᠳᠤ ᠤᠨᠴᠠ ᠴᠦᠬᠡᠨ ᠲᠤᠯᠠ ᠬᠡᠷᠡᠭᠯᠡᠭᠦ  ᠨᠢ ᠪᠠᠭ᠎ᠠ ᠪᠠᠶᠢᠳᠠᠭ︶ ᠶᠢ ᠬᠡᠷᠡᠭᠯᠡᠵᠦ᠂ ᠲᠠᠯᠳᠦᠨ ᠮᠤᠳᠤᠨ ᠰᠦᠭᠡᠭ ᠨᠢ ᠭᠦᠷᠦᠭᠦ ᠳᠤ ᠠᠮᠠᠷᠬᠠᠨ᠂ ᠭᠠᠷ ᠲᠤ ᠵᠦᠭᠡᠯᠡᠨ ᠨᠤᠭᠤᠰᠤᠯᠠᠵᠤ ᠦᠨᠴᠦᠭ ᠪᠤᠯᠤᠩ ᠭᠠᠷᠭᠠᠬᠤ᠂ ᠠᠷᠤᠭ ᠤᠨ ᠭᠦᠪᠡᠭᠡ ᠶᠢ ᠭᠦᠷᠦᠬᠦ ᠳᠤ ᠲᠦᠭᠦᠮ ᠮᠦᠷᠳᠡᠭᠡᠨ ᠭᠦᠷᠦᠭᠰᠡᠨ ᠠᠷᠤᠭ ᠨᠢ ᠪᠤᠷᠭᠠᠰᠤ ᠬᠠᠶᠢᠯᠠᠰᠤᠨ ᠰᠦᠭᠡᠭ ᠢᠶᠠᠷ ᠭᠦᠷᠦᠭᠰᠡᠨ ᠠᠷᠤᠭ ᠠᠴᠠ ᠪᠠᠬᠢᠯᠡᠭ ᠪᠦᠭᠡᠳ ᠦᠵᠡᠭᠦ  ᠳᠤ ᠰᠠᠶᠢᠬᠠᠨ ᠦᠡᠭᠭᠡ ᠨᠢ ᠴᠦ ᠭᠤᠶᠦ ᠪᠠᠶᠢᠳᠠᠭ᠃ ᠲᠡᠯᠳᠦᠨ ᠰᠦᠭᠡᠭ ᠢ ᠤᠯᠠᠩᠭᠢ ᠳᠠᠭᠠᠨ ᠨᠠᠮᠤᠷ ᠡᠪᠡᠰᠤ ᠮᠤᠳᠦ ᠪᠤᠯᠪᠠᠰᠤᠷᠠᠭᠰᠡᠨ ᠤ ᠰᠡᠭᠦᠯᠡᠷ ᠭᠦᠯᠳᠡᠭᠦᠥ ᠤᠷᠤᠬᠤ ᠠᠴᠠ ᠡᠮᠦᠨ᠎ᠠ ᠬᠤᠶᠢᠨ᠎ᠠ ᠬᠠᠳᠤᠵᠤ ᠠᠪᠤᠭᠠᠳ ᠨᠠᠷᠠᠨ ᠤ ᠡᠪᠡᠷ ᠭᠠᠵᠠᠷ ᠲᠤ ᠬᠡᠳᠦᠨ ᠡᠳᠦᠷ ᠲᠠᠯᠪᠢᠵᠤ ᠥᠭᠰᠦᠭᠦᠯᠵᠦ ᠪᠠᠶᠢᠭᠠᠳ ᠬᠡᠷᠡᠭᠯᠠᠳᠡᠭ᠃ ᠤᠷᠳᠦ ᠰᠢᠭ ︵ᠠᠳᠠᠭ ᠳᠠᠭᠠᠨ ᠨᠢᠬᠡ ᠮᠧᠳ᠋ᠷ ᠤᠷᠳᠤ ᠪᠠᠶᠢᠬᠤ︶ ᠰᠦᠭᠡᠭ ᠢᠶᠠᠷ ᠨᠤᠭᠤᠰᠤ ᠪᠤᠯᠭᠠᠵᠤ᠂ ᠨᠠᠷᠢᠨ ᠪᠤᠶᠤ ᠤᠬᠤᠷ ᠰᠢᠭ ᠰᠦᠭᠡᠭ ᠢᠶᠠᠷ ᠨᠢ ᠭᠦᠷᠦᠭᠦ ᠮᠠᠲ᠋ᠧᠷᠢᠶᠠᠯ ᠪᠤᠯᠭᠠᠳᠠᠭ ᠶᠤᠮ᠃       ᠠᠷᠤᠭ ᠢ ᠭᠦᠷᠦᠭᠦ ᠳᠤ ᠶᠡᠷᠦ ᠳᠡᠭᠡᠨ ᠢᠷᠤᠭᠠᠷ ᠠᠴᠠ ᠨᠢ ᠡᠭᠢᠯᠡᠳᠡᠭ᠃ ᠢᠷᠤᠭᠠᠷ ᠢ ᠨᠢ ᠤᠷᠳᠤ ᠲᠦᠷᠪᠡᠯᠵᠢᠨ ᠬᠡᠯᠪᠡᠷᠢᠳᠠᠢ ᠪᠠᠶᠢᠯᠭᠠᠵᠤ᠂ ᠲᠡᠭᠡᠷ᠎ᠡ ᠭᠦᠪᠡᠭᠡ ᠶᠢ ᠨᠢ ᠲᠤᠭᠤᠷᠢᠭ ᠬᠡᠯᠪᠡᠷᠢᠳᠡᠢ ᠪᠠᠶᠢᠯᠭᠠᠳᠠᠭ᠃ ᠲᠤᠮᠦ ᠭᠦᠮᠦᠨ ᠤ ᠡᠭᠦᠷᠭᠦ ᠠᠷᠤᠭ ᠤᠨ ᠢᠷᠤᠭᠠᠷ ᠤᠨ ᠤᠷᠳᠤ ᠦᠷᠭᠡᠨ ᠢ 30cm ᠪᠠ 40cm ᠤᠨ ᠨᠠᠭᠠᠨ᠎ᠠ ᠴᠠᠭᠠᠨ᠎ᠠ ᠪᠠᠶᠢᠯᠭᠠᠵᠤ᠂ ᠬᠡᠥᠬᠡᠳ ᠤᠨ ᠡᠭᠦᠷᠭᠦ ᠠᠷᠤᠭ ᠢ ᠪᠤᠯ ᠲᠡᠭᠦᠨ ᠠᠴᠠ ᠪᠠᠭ᠎ᠠ ᠪᠠᠶᠢᠯᠭᠠᠳᠠᠭ᠃ ᠭᠦᠷᠦᠭᠦ  ᠳᠡᠭᠡᠨ ᠢᠷᠤᠭᠠᠷ ᠠᠴᠠ ᠡᠭᠢᠯᠡᠵᠤ ᠤᠷᠳᠤ ᠰᠢᠭ ᠰᠦᠭᠡᠭ ᠢ ᠬᠡᠷᠡᠭᠯᠡᠵᠦ᠂ ᠲᠦᠷᠪᠡ ᠪᠤᠶᠦ ᠲᠠᠪᠤᠨ ᠮᠦᠷ᠂ ᠮᠦᠷ ᠪᠦᠷᠢ  ᠳᠤᠨᠢ ᠲᠦᠷᠪᠡ ᠠᠴᠠ ᠵᠢᠷᠭᠤᠭᠠᠨ ᠰᠦᠭᠡᠭ ᠢᠶᠠᠷ ᠪᠦᠷᠢᠯᠳᠦᠭᠰᠡᠨ ᠨᠤᠭᠤᠰᠤ ᠲᠣᠬᠢᠷᠠᠭᠤᠯᠵᠤ᠂ ᠨᠤᠭᠤᠰᠤᠨ ᠰᠦᠭᠡᠭ  ᠤᠨ ᠦᠵᠦᠭᠦᠷ ᠢ ᠬᠤᠶᠠᠷ ᠲᠡᠰᠢ ᠬᠠᠨᠳᠤᠭᠤᠯᠤᠨ ᠲᠠᠯᠪᠢᠵᠤ᠂ ᠤᠷᠢᠳᠠᠪᠡᠷ ᠲᠤᠮᠳᠠ ᠨᠢ ᠠᠯᠠᠵᠤ ᠨᠤᠭᠤᠰᠤᠯᠠᠭᠰᠠᠨ ᠰᠦᠭᠡᠭ ᠢᠶᠠᠷ ᠡᠷᠢᠵᠤ ᠭᠦᠷᠦᠨ ᠲᠤᠭᠳᠠᠭᠠᠵᠤ ᠲᠠᠭᠢᠨ ᠲᠤᠮᠳᠠ ᠠᠴᠠ ᠬᠤᠶᠠᠷ ᠲᠡᠰᠢ ᠲᠡᠭᠰᠢ ᠬᠡᠮ ᠲᠠᠢ ᠭᠦᠷᠦᠨ᠎ᠡ᠃ ᠭᠡᠭᠦ ᠳᠡᠭᠡᠨ ᠭᠤᠷᠪᠠ ᠭᠤᠷᠪᠠᠨ ᠮᠦᠷ ᠢᠶᠠᠷ ᠭᠦᠷᠦᠪᠡᠯ ᠨᠢᠭᠡ ᠰᠣᠯᠢᠪᠴᠠᠭᠤᠯᠤᠨ᠂ ᠰᠦᠭᠡᠭ ᠤᠨ ᠤᠭ ᠢ ᠬᠠᠮᠤᠭ ᠤᠨ ᠭᠠᠳᠠᠷ ᠦᠵᠦᠭᠦᠷ ᠤᠨ ᠨᠤᠭᠤᠳᠤ ᠲᠠᠢ ᠵᠡᠷᠭᠡᠴᠡᠭᠦᠯᠭᠦ ᠪᠦᠭᠡᠳ ᠢᠷᠤᠭᠠᠷ ᠢ ᠭᠦᠷᠦᠭᠦ ᠶᠠᠪᠤᠴᠠ ᠳᠤ ᠪᠠᠶᠢᠨ ᠲᠠᠭᠢᠨ ᠠᠯᠠᠵᠤ ᠨᠤᠭᠤᠰᠤᠯᠠᠭᠰᠠᠨ ᠰᠦᠭᠡᠭ ᠢᠶᠠᠷ ᠬᠤᠶᠠᠷ ᠦᠵᠦᠭᠦᠷ ᠢ ᠨᠢ ᠨᠤᠭᠤᠯᠤᠨ ᠭᠦᠷᠦᠨ᠎ᠡ᠃ ᠬᠤᠶᠠᠷ ᠲᠡᠰᠢ ᠭᠦᠷᠦᠭᠰᠡᠨ ᠢᠷᠤᠭᠠᠷ ᠤᠨ ᠤᠷᠳᠤ ᠦᠷᠭᠡᠨ ᠨᠢ 40cm ᠤᠷᠴᠢᠮ ᠪᠤᠯᠭᠠᠭᠰᠡᠨ ᠤ ᠲᠠᠷᠠᠭ᠎ᠠ ᠲᠦᠷᠪᠡᠨ ᠲᠡᠰᠢ ᠢᠯᠡᠭᠦᠥ ᠭᠠᠷᠭᠠᠵᠤ ᠭᠦᠷᠦᠭᠰᠡᠨ ᠰᠦᠭᠡᠭ ᠢᠶᠠᠨ ᠵᠤᠥᠬᠠᠨ ᠭᠠᠯ ᠤᠨ ᠴᠤᠭ ᠪᠤᠶᠦ ᠢᠯᠡ ᠭᠠᠯ ᠤᠨ ᠴᠤᠭ ᠲᠡᠭᠡᠷ᠎ᠡ ᠬᠠᠯᠠᠭᠠᠵᠤ ︵ᠬᠤᠭᠤᠷᠠᠬᠤ ᠠᠴᠠ ᠰᠡᠷᠭᠡᠶᠢᠯᠡᠭᠦ ᠶᠢᠨ ᠲᠦᠯᠦᠭᠡ︶᠂ ᠲᠦᠷᠪᠡᠨ ᠲᠠᠯ᠎ᠠ ᠶᠢ ᠨᠢ ᠨᠤᠭᠤᠯᠤᠨ ᠦᠵᠦᠭᠦᠷ  ᠲᠤᠨᠢ ᠤᠶᠠᠭᠠᠳ᠂ ᠵᠠᠯᠭᠠᠭᠠᠳ ᠢᠷᠤᠭᠠᠷ ᠠᠴᠠ ᠡᠭᠢᠯᠡᠵᠤ ᠲᠠᠭᠡᠭᠰᠢ ᠠᠯᠠᠭ᠎ᠠ ᠲᠠᠷᠤᠮ᠎ᠠ ᠬᠠᠭᠠᠰ ᠪᠤᠶᠤ ᠬᠤᠶᠠᠷ ᠠᠯᠭ᠎ᠠ ᠲᠠᠷᠤᠮ᠎ᠠ ᠭᠦᠷᠦᠨ᠎ᠠ᠃ ᠤᠷᠳᠤ ᠰᠢᠭ ᠰᠦᠭᠡᠭ ᠴᠦᠭᠡᠨ ᠪᠤᠯ ᠪᠢᠳᠡᠭᠦᠥ ᠭᠦᠷᠦᠭᠦ ᠠᠴᠠ ᠪᠢᠰᠢ ᠡᠩ ᠤᠨ ᠪᠠᠶᠢᠳᠠᠯ ᠳᠤ ᠪᠢᠳᠡᠭᠦᠥ ᠬᠦᠷᠦᠬᠦ ᠦᠭᠡᠢ᠃ ᠢᠡᠭᠭᠢᠵᠦ ᠭᠦᠷᠦᠪᠡᠯ ᠬᠡᠳᠦ᠋ᠢᠪᠡᠷ ᠤᠨᠴᠠ ᠪᠠᠬᠢᠯᠡᠭ ᠪᠤᠯᠪᠠᠴᠦ ᠡᠭᠦᠷᠭᠦ ᠳᠤ ᠭᠦᠨᠳᠦ᠂ ᠮᠠᠲ᠋ᠧᠷᠢᠶᠠᠯ ᠳᠤ ᠠᠷᠪᠢ ᠦᠭᠡᠢ ᠮᠦᠷᠳᠡᠭᠡᠨ ᠦᠵᠡᠭᠦ ᠳᠤ ᠤᠷᠠᠯᠢᠭ ᠬᠠᠷᠠᠭᠳᠠᠬᠤ ᠦᠭᠡᠢ ᠶᠤᠮ᠃ ᠦᠵᠡᠭᠦ ᠳᠤ ᠰᠠᠶᠢᠬᠠᠨ ᠪᠠᠰᠠ ᠭᠦᠡᠭᠭᠡᠨ ᠪᠠᠶᠢᠯᠭᠠᠬᠤ ᠶᠢᠨ ᠲᠦᠯᠦᠭᠡ ᠭᠦᠷᠦᠭᠡᠴᠢᠨ ᠲᠤᠮᠳᠠᠭᠢ ᠬᠡᠰᠡᠭ ᠢ ᠨᠢ ᠷᠤᠮᠪ ᠬᠡᠯᠪᠡᠷᠢᠲᠡᠢ ᠴᠤᠩᠬᠤ ᠭᠠᠷᠭᠠᠵᠤ ᠭᠦᠷᠦᠭᠦ ᠶᠢᠨ ᠲᠠᠭᠤ ᠨᠤᠭᠤᠰᠤ ᠶᠢᠨ ᠤᠶᠠᠳᠠᠯ ᠢ ᠠᠯᠳᠠᠷᠠᠭᠠᠵᠤ᠂ ᠴᠤᠩᠬᠤᠨ ᠤ ᠲᠡᠭᠡᠷ᠎ᠡ ᠲᠠᠯ᠎ᠠ  ᠳᠤ ᠮᠦᠨ ᠬᠡᠳᠦᠨ ᠠᠯᠠᠭ᠎ᠠ ᠲᠠᠷᠤᠮ᠎ᠠ ᠭᠦᠷᠦᠭᠡᠳ ᠭᠢᠪᠡᠭᠡ ᠲᠠᠷᠤᠵᠤ ᠲᠡᠭᠦᠰᠭᠡᠳᠡᠭ᠃ ᠬᠡᠷᠪᠡ ᠢᠷᠤᠭᠠᠷ ᠢ ᠭᠠᠷᠭᠠᠬᠤ  ᠳᠤ ᠬᠡᠷᠡᠭᠯᠡᠭᠰᠡᠨ ᠨᠤᠭᠤᠰᠦ ᠶᠢᠨ ᠤᠷᠳᠤ ᠨᠢ ᠭᠦᠷᠭᠦ ᠦᠭᠡᠢ ᠪᠤᠯ ᠴᠤᠩᠬᠤᠨ ᠤ ᠲᠡᠭᠡᠷ᠎ᠡ ᠬᠡᠰᠡᠭ ᠭᠦᠷᠦᠭᠦ ᠦᠶᠡᠰ ᠤᠬᠤᠷ ᠰᠢᠭ ᠰᠦᠭᠡᠭ ᠢ ᠵᠠᠯᠭᠠᠳᠠᠭ᠃ ᠲᠡᠭᠡᠷ᠎ᠡ ᠭᠦᠪᠡᠭᠡ ᠶᠢ ᠲᠠᠷᠤᠬᠤ ᠳᠠᠭᠠᠨ ᠨᠤᠭᠤᠰᠤ ᠶᠢᠨ ᠢᠯᠡᠭᠦᠥ ᠭᠠᠷᠤᠭᠰᠡᠨ ᠦᠵᠦᠭᠦᠷ ᠢᠶᠠᠷ ᠲᠡᠬᠡᠰᠦ ᠲᠠᠨᠠᠬᠤ ᠰᠢᠭ ᠮᠤᠰᠭᠢᠵᠤ ᠭᠦᠷᠦᠵᠦ ᠭᠠᠷᠭᠠᠳᠠᠭ᠃ ᠢᠡᠭᠭᠢᠵᠤ ᠭᠦᠪᠡᠭᠡ ᠲᠠᠷᠤᠬᠤ ᠦᠭᠡᠢ ᠪᠤᠯ ᠭᠦᠪᠡᠭᠡ ᠠᠴᠠ ᠡᠭᠢᠯᠡᠨ ᠮᠤᠯᠳᠤᠷᠡᠨ ᠡᠪᠳᠡᠷᠡᠳᠡᠭ᠃ ᠭᠦᠷᠦᠭᠦ ᠶᠠᠪᠤᠴᠠ ᠳᠤ ᠠᠷᠤᠭ ᠡᠭᠦᠷᠭᠦ ᠬᠡᠰᠡᠭ ᠢ ᠰᠠᠶᠢᠳᠤᠷ ᠵᠠᠰᠠᠵᠤ ᠴᠢᠳᠠᠬᠤ ᠶᠢᠨ ᠭᠢᠷᠢ ᠲᠤᠳᠤᠷ᠎ᠠ ᠲᠡᠭᠰᠢᠭᠡᠨ ᠪᠠᠶᠢᠯᠭᠠᠬᠤ ᠶᠢ ᠠᠩᠬᠠᠷᠳᠠᠭ᠃ ᠡᠨᠡ ᠨᠢ ᠠᠷᠤᠭ ᠤᠨ ᠡᠭᠦᠷᠭᠦ ᠳᠤ ᠬᠠᠪᠤᠲᠠᠢ ᠲᠦᠭᠦᠮ ᠪᠤᠯᠭᠠᠬᠤ ᠶᠢᠨ ᠲᠦᠯᠦᠭᠡ ᠶᠤᠮ᠃ ᠭᠠᠷ ᠤᠷᠠᠨ ᠭᠦᠷᠦᠭᠡᠴᠢᠨ ᠤ ᠭᠦᠷᠦᠭᠰᠡᠨ ᠠᠷᠤᠭ ᠨᠢ ᠦᠨᠳᠦᠷ ᠪᠤᠭᠤᠨᠢ ᠪᠦᠳᠦᠭᠦᠨ ᠨᠠᠷᠢᠨ ᠨᠢ ᠲᠤᠭᠢᠷᠠᠮᠵᠢᠳᠠᠢ ᠪᠦᠭᠡᠳ ᠨᠢᠭᠡᠨ ᠭᠠᠷ ᠤᠷᠠᠯᠠᠯ ᠤᠨ ᠵᠢᠩᠭᠢᠨᠢ ᠪᠥᠲᠦᠭᠡᠭᠳᠡᠭᠦᠨ ᠪᠤᠯᠳᠠᠭ᠃ ᠠᠷᠤᠭ ᠭᠦᠷᠦᠭᠦ ᠨᠢ ᠨᠢᠭᠡᠨ ᠤᠷᠠᠯᠢᠭ ᠤᠨ ᠠᠵᠢᠯ ᠲᠤᠯᠠ ᠭᠠᠷ ᠤᠷᠠᠨ ᠮᠠᠯᠴᠢᠳ ᠰᠠᠶ᠋ᠢ ᠭᠦᠷᠦᠵᠦ ᠴᠢᠳᠠᠳᠠᠭ᠃      ᠡᠶᠢᠮᠦ ᠠᠴᠠ ᠨᠢᠭᠡ ᠠᠶᠢᠯ ᠠᠶᠢᠮᠠᠭ ᠲᠤ ᠲᠡᠮᠡᠢ ᠬᠡᠳᠦᠨ ᠠᠷᠤᠭ ᠭᠦᠷᠦᠳᠡᠭ ᠭᠦᠷᠦᠭᠡᠴᠢᠨ ᠦᠭᠡᠢ ᠪᠠᠶᠢᠳᠠᠭ᠃ ᠲᠡᠯᠳᠦᠨ ᠰᠦᠭᠡᠭ ᠢᠶᠠᠷ ᠭᠦᠷᠦᠭᠰᠡᠨ ᠠᠷᠤᠭ ᠨᠢ ᠪᠤᠷᠤᠭ᠎ᠠ ᠤᠰᠤᠨ ᠳᠤ ᠢᠯᠵᠢᠷᠡᠨ ᠳᠡᠪᠲᠦᠬᠦ  ᠠᠴᠠ ᠠᠶᠤᠬᠤ ᠦᠭᠡᠢ ᠪᠠᠬᠢᠯᠡᠭ ᠪᠠᠶᠢᠳᠠᠭ᠃ ᠮᠠᠯᠴᠢᠳ ᠠᠷᠤᠭ ᠭᠦᠷᠦᠭᠦ ᠳᠡᠭᠡᠨ ᠲᠡᠯᠳᠦᠨ ᠮᠤᠳᠦᠨ ᠤ ᠰᠦᠭᠡᠭ ᠪᠤᠯᠭᠠᠨ ᠢ ᠬᠡᠷᠡᠭᠯᠡᠭᠦ ᠪᠢᠰᠢ᠂ ᠬᠠᠷᠢᠨ ᠰᠤᠩᠭᠤᠯᠳᠠ ᠲᠠᠢ ᠬᠡᠷᠡᠭᠯᠡᠳᠡᠭ᠃ ᠦᠶ᠎ᠡ ᠭᠡᠰᠢᠭᠦᠦ ᠪᠠᠭ᠎ᠠ ᠠᠰᠬᠠᠨ᠂ ᠪᠦᠳᠦᠭᠦᠨ ᠨᠠᠷᠢᠨ ᠨᠢ ᠲᠡᠩᠴᠡᠭᠦᠦ᠂ ᠣᠷᠳᠣ ᠤᠬᠤᠷ ᠨᠢ ᠲᠤᠭᠢᠷᠠᠮᠵᠢᠳᠠᠢ ᠶᠢ ᠨᠢ ᠰᠤᠩᠭᠤᠵᠤ ᠠᠪᠳᠠᠭ᠃ ᠰᠤᠩᠭᠤᠵᠤ ᠬᠡᠷᠡᠭᠯᠡᠭᠰᠡᠨ ᠲᠡᠯᠳᠦᠨ ᠮᠤᠳᠤᠨ ᠰᠦᠭᠡᠭ ᠢᠶᠠᠷ ᠭᠦᠷᠦᠭᠰᠡᠨ ᠠᠷᠤᠭ ᠨᠢ ᠦᠵᠡᠭᠦ ᠳᠤ ᠤᠨᠴᠠᠭᠠᠶᠢᠯᠠᠨ ᠲᠤᠮᠳᠠᠭᠢ ᠷᠤᠮᠪ ᠬᠡᠯᠪᠡᠷᠢᠳᠦ ᠴᠤᠩᠬᠤ ᠨᠢ ᠵᠢᠭᠳᠡ᠂ ᠶᠡᠭᠡ ᠪᠠᠭ᠎ᠠ ᠨᠢ ᠲᠡᠩᠴᠡᠭᠦᠨ ᠭᠠᠷᠴᠤ᠂ ᠭᠦᠮᠦᠰ ᠲᠤ ᠭᠠᠷ ᠤᠷᠠᠯᠠᠯ ᠤᠨ ᠭᠤᠧᠠ ᠰᠠᠶᠢᠬᠠᠨ ᠤ ᠰᠡᠷᠡᠭᠳᠡᠯ ᠢ ᠦᠭᠴᠦ ᠴᠢᠳᠠᠳᠠᠭ᠃  
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ