ᠴᠢᠩᠪᠠᠲᠤ
ᠨᠡᠶᠢᠲᠡᠯᠡᠭᠰᠡᠨ ᠴᠠᠭ᠄
2023/11/29
      ᠴᠢᠩᠪᠠᠲᠤ᠄ ᠮᠣᠩᠭᠤᠯ ᠦᠨᠳᠦᠰᠦᠲᠡᠨ᠂ ᠡᠷᠡᠭᠲᠡᠢ᠂ ᠴᠢᠩ ᠤᠯᠤᠰ ᠤᠨ ᠪᠦᠷᠢᠨᠲᠦ ᠵᠠᠰᠠᠭᠴᠢ ᠶᠢᠨ ᠠᠷᠪᠠᠨ ᠭᠤᠷᠪᠠᠳᠤᠭᠠᠷ ᠣᠨ ︵1874 ᠣᠨ︶ ᠳᠤ ᠣᠳᠣ ᠶᠢᠨ ᠵᠣᠰᠣ ᠰᠢᠶᠠᠩ ᠤᠨ ᠤᠯᠠᠭᠠᠨᠵᠢᠷᠢᠮ ᠲᠣᠰᠬᠤᠨ ᠤ ᠬᠤᠶᠠᠷ ᠲᠣᠯᠣᠭᠠᠢ ᠶᠢᠨ ᠰᠢᠯᠢ ᠳᠤ ᠲᠥᠷᠥᠵᠡᠢ᠃ ᠲᠣᠯᠣᠢ ᠡᠵᠡᠨ ᠤ ᠴᠣᠮᠴᠤᠭ ᠰᠢᠲᠦᠭᠡᠨ ᠢ ᠰᠠᠬᠢᠨ ᠬᠠᠮᠠᠭᠠᠯᠠᠬᠤ ᠲᠠᠷᠬᠠᠳ ᠤᠨ ᠬᠤᠶᠢᠴᠢᠰ ᠪᠣᠯᠣᠨ᠎ᠠ᠃      ᠴᠢᠩᠪᠠᠲᠤ ᠶᠢᠨ ᠡᠴᠢᠭᠡ ᠨᠢ ᠮᠥᠩᠭᠦᠨ ᠲᠠᠷᠬᠠᠨ ᠪᠠᠶᠢᠭᠰᠠᠨ ᠲᠤᠯᠠ ᠪᠠᠭ᠎ᠠ ᠠᠴᠠ ᠪᠠᠨ ᠡᠴᠢᠭᠡ ᠪᠠᠨ ᠳᠠᠭᠠᠵᠤ ᠮᠥᠩᠭᠦ ᠪᠠ ᠭᠠᠤᠯᠢᠨ ᠡᠳ᠋ᠯᠡᠯ ᠬᠢᠬᠦ ᠠᠷᠭ᠎ᠠ ᠮᠡᠷᠭᠡᠰᠢᠯ ᠢ ᠡᠵᠡᠮᠰᠢᠭᠰᠡᠨ ᠪᠥᠭᠡᠳ ᠮᠣᠩᠭᠤᠯ ᠪᠢᠴᠢᠭ ᠢ ᠨᠡᠪᠲᠡᠷᠡᠲᠡᠯ᠎ᠡ ᠰᠤᠷᠴᠠᠢ᠃ ᠲᠡᠷᠡ ᠭᠤᠣᠯᠳᠠᠭᠤ ᠮᠣᠩᠭᠤᠯᠴᠤᠳ ᠤᠨ ᠳᠠᠷᠤᠭᠤᠯᠭ᠎ᠠ ᠵᠡᠭᠦᠭᠡ᠂ ᠪᠠᠭᠤᠪᠴᠢ᠂ ᠪᠦᠯᠡᠵᠡᠭ ᠵᠡᠷᠭᠡ ᠵᠠᠰᠠᠯ ᠴᠢᠮᠡᠭᠯᠡᠯ ᠤᠨ ᠡᠳ᠋ᠯᠡᠯ ᠪᠠ ᠠᠷᠢᠬᠢᠨ ᠡᠳ᠋ᠯᠡᠯ ᠰᠠᠪᠠ ᠮᠡᠲᠦ ᠶᠢᠨ ᠮᠥᠩᠭᠦᠨ ᠡᠳ᠋ᠯᠡᠯ᠂ ᠴᠠᠢ ᠶᠢᠨ ᠳᠡᠪᠦᠷ᠎ᠡ ᠵᠡᠷᠭᠡ ᠭᠠᠤᠯᠢᠨ ᠡᠳ᠋ᠯᠡᠯ ᠢ ᠠᠷᠪᠢᠨ ᠵᠠᠰᠠᠵᠤ ᠪᠠᠶᠢᠵᠠᠢ᠃ ᠪᠠᠳᠠᠷᠠᠭᠤᠯᠲᠤ ᠲᠥᠷᠥ ᠶᠢᠨ ᠬᠤᠷᠢ ᠶᠢᠰᠦᠳᠦᠭᠡᠷ ᠣᠨ ︵1903 ᠣᠨ︶ ᠳᠤ ᠬᠤᠰᠢᠭᠤ ᠵᠠᠰᠠᠭ ᠤᠨ ᠵᠡᠷᠭᠡ ᠶᠢ ᠵᠠᠯᠭᠠᠮᠵᠢᠯᠠᠭᠠᠳ ᠲᠡᠮᠡᠢ ᠤᠳᠠᠭᠰᠠᠨ ᠦᠭᠡᠢ ᠭᠠᠯᠰᠠᠩᠷᠤᠯᠮᠠᠸᠠᠩᠵᠢᠯᠵᠠᠮᠰᠤ ᠲᠣᠯᠣᠢ ᠡᠵᠡᠨ ᠤ ᠴᠤᠮᠴᠤᠭ ᠰᠢᠲᠦᠭᠡᠨ ᠳᠤ ᠭᠠᠤᠯᠢ ᠪᠠᠷ ᠤᠷᠠᠯᠠᠨ ᠭᠠᠳᠠᠷᠯᠠᠭᠰᠠᠨ ᠬᠤᠶᠠᠷ ᠲᠡᠪᠰᠢ ᠡᠷᠭᠦᠬᠦ ᠦᠶ᠎ᠡ ᠳᠤ ᠴᠢᠩᠪᠠᠲᠤ ᠶᠢ ᠤᠷᠢᠵᠦ ᠬᠢᠯᠭᠡᠵᠡᠢ᠃ ᠡᠨᠡ ᠬᠤᠶᠠᠷ ᠲᠡᠪᠰᠢ ᠶᠢᠨ ᠨᠢᠭᠡ ᠨᠢ ᠶᠡᠭᠡ ᠨᠢᠭᠡ ᠨᠢ ᠪᠠᠭ᠎ᠠ᠂ ᠶᠡᠭᠡ ᠲᠡᠪᠰᠢᠨ ᠳᠤ ᠶᠢᠰᠦᠨ ᠬᠤᠨᠢᠨ ᠥᠳᠬᠡ ᠪᠤᠶᠤ ᠨᠢᠭᠡ ᠦᠬᠡᠷ ᠤᠨ ᠥᠳᠬᠡ ᠪᠠᠭᠲᠠᠳᠠᠭ᠂ ᠪᠠᠭ᠎ᠠ ᠲᠡᠪᠰᠢᠨ ᠳᠤ ᠨᠢᠭᠡ ᠬᠤᠨᠢᠨ ᠤ ᠥᠳᠬᠡ ᠪᠠᠭᠲᠠᠳᠠᠭ ᠪᠠᠶᠢᠨ᠎ᠠ᠃ ᠭᠠᠤᠯᠢᠨ ᠬᠠᠪᠲᠠᠰᠤᠨ ᠳᠡᠭᠡᠷ᠎ᠡ ᠨᠢ ︽ᠣᠲᠤᠭ ᠬᠤᠰᠢᠭᠤᠨ ᠤ ᠭᠠᠯᠰᠠᠩᠷᠤᠯᠮᠠᠸᠠᠩᠵᠢᠯᠵᠠᠮᠰᠤ ᠸᠠᠩ ᠠᠯᠢ ᠣᠨ ᠤ ᠠᠯᠢ ᠰᠠᠷ᠎ᠠ ᠶᠢᠨ ᠠᠯᠢ ᠡᠳᠦᠷ ᠡᠷᠭᠦᠪᠡᠢ︾ ᠭᠡᠰᠡᠨ ᠮᠣᠩᠭᠤᠯ ᠦᠰᠦᠭ ᠢ ᠲᠤᠵᠢᠩᠳᠠᠵᠠᠢ᠃ ᠢᠷᠭᠡᠨ ᠤᠯᠤᠰ ᠤᠨ ᠠᠷᠪᠠᠨ ᠳᠣᠯᠣᠳᠤᠭᠠᠷ ᠣᠨ ︵1928 ᠣᠨ︶ ᠤ ᠵᠢᠷᠭᠤᠭᠠᠨ ᠰᠠᠷ᠎ᠠ ᠳᠤ ᠲᠣᠯᠤᠢ ᠡᠵᠡᠨ ᠤ ᠴᠤᠮᠴᠤᠭ ᠰᠢᠲᠠᠭᠳᠠᠵᠤ᠂ ᠠᠯᠲᠠ ᠰᠢᠷᠠᠭᠰᠠᠨ ᠲᠠᠤᠬᠠᠢ ᠪᠣᠯᠣᠨ ᠴᠠᠭᠤ ᠵᠡᠷᠭᠡ ᠠᠯᠲᠠ ᠮᠥᠩᠭᠦᠨ ᠡᠳ᠋ᠯᠡᠯ ᠡᠪᠳᠡᠭᠳᠡᠭᠰᠡᠨ ᠳᠤ ᠴᠢᠩᠪᠠᠲᠤ ᠤᠤᠯ ᠶᠣᠰᠣᠭᠠᠷ ᠨᠢ ᠳᠠᠬᠢᠵᠤ ᠵᠠᠰᠠᠵᠠᠢ᠃ ᠡᠳᠡᠭᠡᠷ ᠭᠠᠤᠯᠢᠨ ᠲᠡᠪᠰᠢ᠂ ᠲᠠᠤᠬᠠᠢ᠂ ᠴᠠᠭᠤ ᠵᠡᠷᠭᠡ ᠡᠳ᠋ᠯᠡᠯ ᠢ 1956 ᠣᠨ ᠳᠤ ᠲᠣᠯᠤᠢ ᠡᠵᠡᠨ ᠤ ᠴᠤᠮᠴᠤᠭ ᠰᠢᠲᠦᠭᠡᠨ ᠢ ᠰᠢᠨ᠎ᠡ ᠪᠠᠶᠢᠭᠤᠯᠤᠭᠰᠠᠨ ᠴᠢᠩᠭᠢᠰ ᠬᠠᠭᠠᠨ ᠤ ᠣᠩᠭᠤᠨ ᠳᠤ ᠨᠡᠶᠢᠯᠡᠭᠦᠯᠬᠦ ᠦᠶ᠎ᠡ ᠳᠤ ᠬᠠᠮᠲᠤ ᠪᠠᠷ ᠴᠢᠩᠭᠢᠰ ᠤᠨ ᠣᠩᠭᠤᠨ ᠳᠤ ᠬᠠᠳᠠᠭᠠᠯᠠᠭᠳᠠᠵᠠᠢ᠃ ᠢᠷᠭᠡᠨ ᠤᠯᠤᠰ ᠤᠨ ᠦᠶ᠎ᠡ ᠳᠤ ᠴᠢᠩᠪᠠᠲᠤ ᠶᠢᠨ ᠵᠠᠰᠠᠭᠰᠠᠨ ᠲᠣᠯᠣᠭᠠᠢ ᠶᠢᠨ ᠵᠡᠭᠦᠭᠡ ᠣᠲᠤᠭ ᠬᠤᠰᠢᠭᠤᠨ ᠤ ᠵᠡᠭᠦᠨ ᠪᠡᠶ᠎ᠡ ᠳᠤ ᠲᠤᠩ ᠠᠯᠳᠠᠷᠰᠢᠵᠤ᠂ ᠬᠠᠩᠭᠢᠨ ᠬᠤᠰᠢᠭᠤᠨ ᠤ ᠲᠤᠯᠤᠨᠵᠢᠩ᠂ ᠳᠠᠯᠠᠳ ᠬᠤᠰᠢᠭᠤᠨ ᠤ ᠳ᠋ᠢᠸ᠎ᠠ ᠵᠡᠷᠭᠡ ᠠᠯᠳᠠᠷᠲᠤ ᠲᠠᠷᠬᠠᠨ ᠲᠠᠢ ᠮᠥᠴᠡᠭᠡᠷᠬᠡᠵᠦ᠂ ᠨᠢᠭᠡᠨ ᠦᠶ᠎ᠡ ᠤᠷᠠᠨ ᠲᠠᠷᠬᠠᠨ ᠭᠡᠵᠦ ᠮᠠᠭᠲᠠᠭᠳᠠᠵᠤ ᠪᠠᠶᠢᠭᠰᠠᠨ ᠶᠤᠮ᠃ ᠴᠢᠩᠪᠠᠲᠤ 1945 ᠣᠨ ᠳᠤ ᠣᠳᠣ ᠶᠢᠨ ᠴᠠᠭᠠᠨᠨᠠᠭᠤᠷ ᠰᠤᠮᠤᠨ ᠤ ᠰᠢᠷᠠᠪᠦ᠋ᠷᠢᠲᠦ ᠭᠠᠴᠠᠭᠠᠨ ᠳᠤ ᠡᠪᠡᠳᠴᠢᠨ ᠢᠶᠠᠷ ᠨᠠᠰᠤ ᠪᠠᠷᠠᠵᠠᠢ᠃           ︽ᠣᠲᠤᠭ ᠬᠤᠰᠢᠭᠤᠨ ᠤ ᠣᠶᠢᠯᠠᠯᠭ᠎ᠠ︾ ︽ᠣᠲᠤᠭ ᠬᠤᠰᠢᠭᠤᠨ ᠤ ᠣᠶᠢᠯᠠᠯᠭ᠎ᠠ︾ ᠨᠠᠶᠢᠷᠠᠭᠤᠯᠬᠤ ᠺᠣᠮᠢᠰ ᠨᠠᠶᠢᠷᠠᠭᠤᠯᠪᠠ 
ᠢᠷᠡᠯᠲᠡ᠄ ᠣᠲᠤᠭ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ