ᠬᠡᠥᠬᠡᠳ ᠪᠠᠭᠠᠴᠤᠳ ᠬᠤᠳᠠᠯ ᠬᠡᠯᠡᠳᠡᠭ ᠤᠨ ᠰᠢᠯᠲᠠᠭᠠᠨ ᠨᠢ ᠶᠡᠷᠥᠳᠡᠭᠡᠨ ᠡᠶᠢᠮᠥᠷᠬᠦ ᠬᠡᠳᠥᠨ ᠵᠥᠢᠯ ᠤᠨ ᠪᠠᠶᠢᠳᠠᠭ᠃ | ᠨᠢᠭᠡ᠂ ᠭᠡᠷ ᠤᠨ ᠠᠬᠠᠮᠠᠳ ︽ᠰᠢᠬᠠᠮᠳᠠᠭᠤᠯᠤᠭᠰᠠᠨ︾᠃ ᠬᠡᠥᠬᠡᠳ ᠠᠯᠳᠠᠭ᠎ᠠ ᠭᠠᠷᠭᠠᠭᠰᠠᠨ ᠥᠶᠡᠰ ᠥᠷᠭᠦᠯᠵᠢ ᠬᠤᠳᠠᠯ ᠬᠡᠯᠡᠬᠦ ᠪᠠᠷ ᠳᠠᠮᠵᠢᠨ ᠥᠪᠡᠷ ᠤᠨ | ᠤᠰᠤᠯ ᠪᠤᠷᠤᠭᠤ ᠪᠠᠨ ᠬᠠᠯᠬᠠᠯᠠᠵᠤ ᠬᠠᠷᠢᠶᠠᠭᠳᠠᠵᠤ ᠰᠢᠭᠦᠮᠵᠢᠯᠡᠭᠳᠡᠬᠦ ᠠᠴᠠ ᠵᠠᠶᠢᠯᠠᠰᠬᠢᠳᠠᠭ᠃ ᠵᠠᠷᠢᠮ ᠭᠡᠷ ᠤᠨ ᠠᠬᠠᠮᠠᠳ ᠶᠡᠷᠥ ᠠᠴᠠ ᠪᠤᠷᠤᠭᠤᠰᠢᠶᠠᠨ ᠰᠢᠭᠦᠮᠵᠢᠯᠡᠬᠦ | ᠪᠤᠶᠤ ᠪᠤᠯᠤ ᠰᠢᠳᠠᠮ ᠢᠶᠠᠷ ᠬᠡᠥᠬᠡᠳ ᠤᠨ ᠢᠶᠠᠨ ᠪᠤᠷᠤᠭᠤ ᠠᠵᠢᠯᠯᠠᠭ᠎ᠠ ᠶᠢ ᠰᠢᠳᠬᠡᠳᠡᠭ᠃ ᠡᠶᠢᠮᠥᠷᠬᠦ ᠰᠤᠷᠭᠠᠨ ᠬᠥᠮᠥᠵᠢᠯ ᠤᠨ ᠥᠷ᠎ᠡ ᠳ᠋ᠦᠩ ᠨᠢ ᠶᠡᠷᠥᠳᠡᠭᠡᠨ ᠡᠰᠡᠷᠭᠦ | ᠥᠢᠯᠡᠳᠥᠯ ᠥᠵᠡᠭᠦᠯᠳᠡᠭ᠃ ᠡᠶᠢᠮᠥ ᠠᠴᠠ ᠡᠴᠢᠬᠡ ᠡᠬᠡ ᠪᠤᠯᠤᠭᠰᠠᠳ ᠥᠷ᠎ᠡ ᠬᠡᠥᠬᠡᠳ ᠤᠨ ᠢᠶᠠᠨ ᠪᠤᠷᠤᠭᠤ ᠪᠠᠨ ᠵᠠᠯᠠᠷᠠᠭᠤᠯᠤᠭᠰᠠᠨ ᠥᠶᠡᠰ ᠠᠭᠤᠴᠢᠯᠠᠬᠤ ᠪᠤᠶᠤ | ᠵᠤᠬᠢᠰᠲᠠᠢ ᠰᠠᠶᠢᠰᠢᠶᠠᠪᠠᠯ ᠵᠤᠬᠢᠨ᠎ᠠ᠃ | ᠬᠤᠶᠠᠷ᠂ ᠭᠡᠷ ᠤᠨ ᠠᠬᠠᠮᠠᠳ ︽ᠵᠢᠭᠠᠭᠰᠠᠨ︾᠃ ᠵᠠᠷᠢᠮ ᠥᠶᠡᠰ ᠭᠡᠷ ᠤᠨ ᠠᠬᠠᠮᠠᠳ ᠬᠡᠥᠬᠡᠳ ᠢᠶᠠᠨ ᠬᠡᠳᠥᠷᠬᠡᠢ ᠬᠠᠶᠢᠷᠠᠯᠠᠭᠰᠠᠨ ᠠᠴᠠ ᠪᠤᠯᠵᠤ ᠥᠷᠭᠦᠯᠵᠢ | ᠬᠡᠥᠬᠡᠳ ᠲᠡᠭᠡᠨ ᠢᠬᠢᠷ ᠰᠢᠬᠢᠷ ᠢᠳᠡᠳᠡᠭ ᠶᠠᠭᠤᠮ᠎ᠠ ᠰᠡᠮᠡᠭᠡᠷ ᠭᠠᠷᠳᠠᠭᠤᠯᠤᠨ ᠬᠡᠥᠬᠡᠳ ᠢᠶᠠᠨ ᠨᠢᠭᠤᠴᠠ ᠪᠠᠷ ᠢᠳᠡᠭᠦᠯᠳᠡᠭ᠃ ᠡᠭᠦᠨ ᠠᠴᠠ ᠭᠠᠳᠠᠨ᠎ᠠ ᠭᠡᠷ ᠤᠨ | ᠬᠥᠮᠥᠰ ᠬᠤᠭᠤᠷᠤᠨᠳᠤ ᠪᠠᠨ ᠡᠰᠡᠬᠦᠯ᠎ᠡ ᠭᠡᠷ ᠤᠨ ᠬᠥᠮᠥᠰ ᠪᠤᠯᠤᠨ ᠵᠡᠷᠭᠡᠯᠡᠳᠡᠭᠡ ᠠᠶᠢᠯ ᠤᠨ ᠬᠥᠮᠥᠰ ᠤᠨ ᠬᠤᠭᠤᠷᠤᠨᠳᠤ ᠤᠷᠤᠰᠢᠵᠤ ᠪᠥᠬᠦᠢ ᠬᠤᠳᠠᠯ ᠬᠠᠭᠤᠷᠮᠠᠭ | ᠥᠭᠡ ᠶᠠᠷᠢᠶ᠎ᠠ᠂ ᠥᠢᠯᠡ ᠠᠵᠢᠯᠯᠠᠭ᠎ᠠ ᠶᠢ ᠨᠢ ᠬᠡᠥᠬᠡᠳ ᠴᠢᠬᠢ ᠪᠠᠷ ᠢᠶᠠᠨ ᠰᠤᠨᠤᠰᠴᠤ ᠨᠢᠳᠥ ᠪᠠᠷ ᠢᠶᠠᠨ ᠥᠵᠡᠭᠡᠳ ᠰᠡᠳᠬᠢᠯ ᠰᠠᠨᠠᠭᠠᠨ ᠳᠤ ᠨᠢ ᠨᠥᠯᠥᠭᠡ | ᠥᠵᠡᠭᠦᠯᠥᠭᠰᠡᠨ ᠪᠠᠶᠢᠳᠠᠭ᠃ | ᠭᠤᠷᠪᠠ᠂ ᠬᠡᠥᠬᠡᠳ ᠤᠨ ᠥᠨᠡᠨ ᠬᠤᠳᠠᠯ ᠢ ᠲᠤᠳᠤᠯᠠᠬᠤ ᠴᠢᠳᠠᠪᠤᠷᠢ ᠪᠠᠭᠤᠷᠠᠢ᠂ ᠶᠡᠭᠡ ᠬᠥᠮᠥᠰ ᠡᠳᠥᠷ ᠲᠤᠳᠤᠮ ᠤᠨ ᠬᠠᠷᠢᠯᠴᠠᠭᠠᠨ ᠤ ᠳᠤᠮᠳᠠ ᠡᠶᠢᠮᠥ | ᠲᠡᠶᠢᠮᠥ ᠰᠢᠯᠲᠠᠭᠠᠨ ᠠᠴᠠ ᠪᠤᠯᠵᠤ ᠵᠠᠷᠢᠮ ᠤᠴᠢᠷ ᠢ ᠰᠢᠭᠤᠳ ᠬᠡᠯᠡᠬᠦ ᠳᠤ ᠳᠥᠭᠦᠮ ᠥᠭᠡᠢ ᠪᠠᠶᠢᠵᠤ᠂ ᠥᠷᠭᠦᠯᠵᠢ ᠰᠢᠯᠲᠠᠭ ᠡᠷᠢᠵᠥ ᠵᠠᠶᠢᠯᠠᠰᠬᠢᠳᠠᠭ᠃ ᠬᠡᠥᠬᠡᠳ | ᠴᠤ ᠡᠭᠦᠨ ᠢ ᠳᠠᠭᠤᠷᠢᠶᠠᠵᠤ᠂ ᠥᠨᠡᠨ ᠳᠡᠭᠡᠨ ᠬᠤᠳᠠᠯ ᠬᠡᠯᠡᠬᠦ ᠶᠢ ᠰᠤᠷᠴᠢᠬᠠᠭᠰᠠᠨ ᠪᠠᠶᠢᠳᠠᠭ᠃ ᠡᠶᠢᠮᠥ ᠠᠴᠠ ᠶᠡᠭᠡ ᠬᠥᠮᠥᠰ ᠠᠵᠢᠯ ᠤᠨ ᠳᠤᠮᠳᠠ ᠪᠠᠨ ᠠᠷᠭ᠎ᠠ | ᠮᠠᠶ᠋ᠢᠭ ᠢᠶᠠᠨ ᠠᠩᠬᠠᠷᠴᠤ᠂ ᠶᠡᠷᠥ ᠶᠢᠨ ᠴᠠᠭ ᠲᠤ ᠬᠡᠥᠬᠡᠳ ᠢᠶᠠᠨ ᠬᠠᠪᠰᠤᠷᠤᠨ ᠥᠨᠡᠨ ᠬᠤᠳᠠᠯ ᠢ ᠵᠥᠪ ᠢᠶᠠᠷ ᠲᠠᠨᠢᠬᠤ ᠴᠢᠳᠠᠪᠤᠷᠢ ᠶᠢ ᠨᠢ ᠳᠡᠭᠡᠭᠡᠭᠰᠢᠯᠡᠭᠦᠯᠬᠦ ᠬᠡᠷᠡᠭᠲᠡᠢ | ᠃ | ᠡᠭᠦᠨ ᠠᠴᠠ ᠭᠠᠳᠠᠨ᠎ᠠ ᠳᠡᠶᠢᠯᠥᠮᠡᠲᠡᠭᠡᠢ ᠵᠠᠩ᠂ ᠨᠡᠷᠡᠯᠬᠡᠥ ᠵᠠᠩ᠂ ᠥᠰᠢᠶᠡᠷᠬᠡᠬᠦ ᠪᠤᠳᠤᠯ ᠵᠡᠷᠭᠡ ᠨᠢ ᠬᠡᠥᠭᠡᠳ ᠢ ᠬᠤᠳᠠᠯ ᠬᠡᠯᠡᠬᠦ ᠪᠤᠯᠭᠠᠳᠠᠭ ᠲᠤᠯᠠ ᠰᠤᠷᠭᠠᠨ | ᠬᠥᠮᠥᠵᠢᠯ ᠨᠢ ᠡᠷᠬᠡᠪᠰᠢ ᠴᠢᠭᠯᠡᠯᠲᠡ ᠲᠤᠳᠤᠷᠬᠠᠢ ᠪᠠᠶᠢᠬᠤ ᠬᠡᠷᠡᠭᠲᠡᠢ᠃ ᠬᠡᠥᠬᠡᠳ ᠢ ᠰᠤᠷᠭᠠᠨ ᠬᠥᠮᠥᠵᠢᠭᠦᠯᠬᠦ ᠪᠤᠯ ᠨᠢᠭᠡᠨ ᠰᠢᠨᠵᠢᠯᠡᠬᠦ ᠤᠬᠠᠭᠠᠨ ᠪᠤᠯᠤᠨ᠎ᠠ᠃ | ᠬᠡᠥᠬᠡᠳ ᠤᠨ ᠪᠤᠶᠢᠵᠢᠯᠲᠠ ᠶᠢᠨ ᠶᠠᠪᠤᠴᠠ ᠳᠤ ᠶᠡᠭᠡ ᠬᠥᠮᠥᠰ ᠤᠨ ᠵᠥᠪ ᠤᠨᠤᠪᠴᠢᠲᠠᠢ ᠵᠢᠭᠠᠨ ᠵᠢᠯᠤᠭᠤᠳᠤᠯᠭ᠎ᠠ᠂ ᠬᠠᠷᠠᠭᠠᠯᠵᠠᠯᠠᠯ ᠬᠥᠮᠥᠵᠢᠯ ᠲᠤᠩ ᠴᠢᠬᠤᠯᠠ ᠶᠤᠮ᠃ | ᠭᠡᠷ ᠤᠨ ᠬᠥᠮᠥᠵᠢᠯ ᠵᠥᠢ ᠵᠤᠬᠢᠰ ᠥᠭᠡᠢ ᠭᠡᠷ ᠤᠨ ᠠᠬᠠᠮᠠᠳ ᠡᠷᠬᠡᠪᠰᠢ ᠰᠤᠷᠭᠠᠨ ᠬᠥᠮᠥᠵᠢᠭᠦᠯᠬᠦ ᠠᠷᠭ᠎ᠠ ᠪᠠᠷᠢᠯ ᠤᠨ ᠲᠠᠯ᠎ᠠ ᠪᠠᠷ ᠢᠯᠡᠭᠦᠬᠡᠨ ᠲᠠᠷᠢᠬᠢ ᠬᠥᠳᠡᠯᠭᠡᠨ | ᠡᠷᠴᠢᠮᠲᠡᠢ ᠠᠷᠭ᠎ᠠ ᠲᠤᠭᠲᠠᠭᠠᠬᠤ ᠬᠡᠷᠡᠭᠲᠡᠢ᠂ ᠥᠭᠡᠢ ᠪᠤᠯ ᠪᠤᠷᠤᠭᠤᠳᠠᠭᠰᠠᠨ ᠳᠡᠭᠡᠷ᠎ᠡ ᠨᠢ ᠪᠤᠷᠤᠭᠤᠳᠠᠵᠤ᠂ ᠬᠠᠷᠠᠮᠰᠠᠭᠰᠠᠨ ᠴᠤ ᠤᠷᠦ᠋ᠢᠳᠠᠬᠤ ᠪᠤᠯᠤᠨ᠎ᠠ᠃ | | | |