ᠯᠣᠪᠰᠠᠩᠴᠦᠶᠢᠮᠫᠤᠯ
ᠨᠡᠶᠢᠲᠡᠯᠡᠭᠰᠡᠨ ᠴᠠᠭ᠄
2023/11/7
      ᠯᠣᠪᠰᠠᠩᠴᠦᠶᠢᠮᠫᠤᠯ᠄ ᠮᠣᠩᠭᠤᠯ ᠦᠨᠳᠦᠰᠦᠲᠡᠨ᠂ ᠡᠷᠡᠭᠲᠡᠢ᠂ 1898 ᠣᠨ ᠳᠤ ᠣᠲᠤᠭ ᠬᠤᠰᠢᠭᠤᠨ ᠤ ᠰᠦᠮᠡᠲᠦ ︵ᠣᠲᠣ ᠶᠢᠨ ᠰᠦᠮᠡᠲᠦ ᠰᠤᠮᠤᠨ ᠤ ᠵᠠᠩᠭᠠᠨ ᠭᠠᠴᠠᠭ᠎ᠠ︶ ᠭᠡᠮᠡᠬᠦ ᠭᠠᠵᠠᠷ ᠬᠤᠰᠢᠭᠤ ᠵᠠᠬᠢᠷᠤᠭᠴᠢ ᠸᠴᠢᠷᠪᠠᠲᠤ ᠶᠢᠨ ᠠᠬᠠᠮᠠᠳ ᠬᠥᠪᠡᠬᠦᠨ ᠪᠣᠯᠣᠨ ᠵᠠᠶᠠᠭᠠᠵᠠᠢ᠃ ᠪᠠᠭ᠎ᠠ ᠨᠠᠰᠤᠨ ᠳᠠᠭᠠᠨ ᠯᠠᠮᠠ ᠪᠣᠯᠵᠤ᠂ ᠡᠪᠦᠭᠡᠨ ᠯᠠᠮᠠ ᠫᠧᠷᠠᠩᠯᠠᠢ ᠠᠴᠠ ᠮᠣᠩᠭᠤᠯ ᠳᠥᠷᠪᠡᠳ ᠪᠢᠴᠢᠭ ᠰᠤᠷᠴᠠᠢ᠃ ᠬᠡᠳᠤᠬᠡᠨ ᠵᠢᠯ ᠤᠨ ᠳᠣᠲᠣᠷ᠎ᠠ ᠲᠡᠷᠡ ᠲᠥᠪᠡᠳ ᠨᠣᠮ ᠰᠤᠳᠤᠷ ᠢ ᠣᠩᠰᠢᠵᠤ ᠴᠢᠳᠠᠭᠰᠠᠨ ᠢᠶᠠᠷ ᠪᠠᠷᠠᠬᠤ ᠦᠭᠡᠢ᠂ ᠮᠣᠩᠭᠤᠯ ᠪᠢᠴᠢᠭ ᠢ ᠰᠠᠶᠢᠨ ᠰᠤᠷᠴᠤ᠂ ᠮᠣᠩᠭᠤᠯ ᠤᠷᠠᠯᠢᠭ ᠥᠰᠦᠭ ᠪᠢᠴᠢᠭ ᠴᠢᠳᠠᠬᠤ ᠪᠣᠯᠣᠭᠰᠠᠨ ᠪᠦᠭᠡᠳ ᠦᠷᠭᠦᠯᠵᠢ ᠬᠤᠣᠰ ᠤᠶᠠᠩᠭ᠎ᠠ᠂ ᠬᠤᠯᠪᠣᠭ᠎ᠠ ᠰᠢᠯᠦᠭ ᠵᠣᠬᠢᠶᠠᠬᠤ ᠪᠣᠯᠵᠠᠢ᠃ ᠵᠠᠯᠠᠭᠤ ᠨᠠᠰᠤᠨ ᠳᠠᠭᠠᠨ ᠲᠡᠷᠡ ᠰᠦᠮ᠎ᠡ ᠬᠡᠶᠢᠳ ᠤᠨ ᠠᠮᠢᠳᠤᠷᠠᠯ ᠳᠤ ᠰᠣᠨᠢᠷᠬᠠᠯ ᠦᠭᠡᠢ ᠪᠣᠯᠵᠤ᠂ ᠦᠷᠭᠦᠯᠵᠢ ᠬᠥᠳᠡᠭᠡ ᠨᠤᠲᠤᠭ ᠢᠶᠠᠷ ᠲᠣᠭᠤᠷᠢᠵᠤ᠂ ᠨᠡᠶᠢᠭᠡᠮ ᠤᠨ ᠣᠷᠴᠢᠨ ᠠᠬᠤᠢ ᠲᠠᠢ ᠲᠠᠨᠢᠯᠴᠠᠭᠰᠠᠨ ᠪᠠᠶᠢᠨ᠎ᠠ᠃ ᠲᠡᠷᠡ ᠳᠤᠭᠤᠶᠢᠯᠠᠩ ᠤᠨ ᠬᠥᠳᠡᠯᠭᠡᠭᠡᠨ ᠤ ᠨᠥᠯᠥᠭᠡᠯᠡᠯ ᠳᠣᠣᠷ᠎ᠠ᠂ ᠣᠷᠬᠢᠮᠵᠢ ᠳᠡᠪᠡᠯ ᠢᠶᠠᠨ ᠲᠠᠶᠢᠯᠵᠤ᠂ ᠣᠩᠰᠢᠭᠰᠨ ᠨᠣᠮ ᠢᠶᠠᠨ ᠲᠠᠶᠠᠭᠳᠠᠭᠠᠳ᠂ ᠥᠤᠰᠢᠨ ᠬᠤᠰᠢᠭᠤᠨ ᠤ ᠳᠤᠭᠤᠶᠢᠯᠠᠩ ᠳᠤ ᠣᠷᠣᠯᠴᠠᠵᠠᠢ᠃ ᠲᠡᠷᠡ ᠳᠤᠭᠤᠶᠢᠯᠠᠩ ᠤᠨ ᠬᠥᠳᠡᠯᠭᠡᠭᠡᠨ ᠤ ᠤᠳᠤᠷᠢᠳᠤᠭᠴᠢ ᠰᠢᠨᠡᠯᠠᠮᠡ ᠳᠤ ᠵᠣᠯᠭᠠᠬᠤ ᠳᠠᠭᠠᠨ ︽ᠳᠤᠭᠤᠶᠢᠯᠠᠩ ᠤᠨ ᠳᠠᠶᠢᠴᠢᠨ ᠳᠠᠭᠤᠤ︾ ᠭᠡᠰᠡᠨ ᠨᠢᠭᠡᠨ ᠪᠠᠳᠠᠭ ᠰᠢᠯᠦᠭ ᠵᠣᠬᠢᠶᠡᠨ ᠬᠦᠷᠭᠡᠵᠡᠢ᠃ ᠰᠡᠭᠦᠯ ᠳᠤ ᠥᠭᠡᠷ᠎ᠡ ᠬᠥᠮᠥᠨ ᠲᠤᠰ ᠰᠢᠯᠦᠭ ᠲᠤ ᠠᠶ᠎ᠠ ᠲᠠᠭᠠᠷᠠᠭᠤᠯᠵᠤ᠂ ᠳᠤᠭᠤᠶᠢᠯᠠᠩ ᠤᠨ ᠰᠦᠯᠳᠡ ᠳᠠᠭᠤᠤ ᠪᠣᠯᠭᠠᠭᠰᠠᠨ ᠢᠶᠠᠷ᠂ ᠣᠷᠳᠣᠰ ᠤᠨ ᠥᠨᠳᠦᠷᠯᠢᠭ ᠲᠤ ᠦᠶ᠎ᠡ ᠤᠯᠠᠷᠢᠨ ᠴᠤᠤᠷᠢᠶᠠᠳᠤᠭᠰᠠᠭᠠᠷ ᠢᠷᠡᠵᠡᠢ᠃ ᠡᠭᠦᠨ ᠠᠴᠠ ᠭᠠᠳᠡᠨ᠎ᠡ ︽ᠭᠠᠭᠴᠠ ᠴᠠᠭᠠᠨ ᠮᠠᠩᠬ᠎ᠠ︾᠂ ︽ᠬᠠᠷ᠎ᠠ ᠲᠠᠮᠠᠬᠢ ᠶᠢᠨ ᠬᠤᠤᠷ︾ ᠵᠡᠷᠭᠡ ᠨᠡᠯᠢᠶᠡᠳ ᠣᠯᠠᠨ ᠨᠥᠯᠥᠭᠡ ᠰᠠᠶᠢᠲᠠᠢ ᠳᠠᠭᠤᠤ ᠵᠣᠬᠢᠶᠠᠪᠠ᠂ ᠲᠡᠷᠡ ᠪᠠᠰᠠ ᠮᠠᠰᠢ ᠣᠯᠠᠨ ᠶᠣᠵᠣᠯᠠᠭᠰᠠᠨ ᠰᠢᠯᠦᠭ᠂ ᠵᠢᠷᠤᠭ ᠲᠤ ᠬᠠᠪᠰᠤᠷᠭᠠᠭᠰᠠᠨ ᠰᠢᠯᠦᠭ᠂ ᠨᠠᠶᠢᠷᠠᠭᠯᠠᠯ ᠰᠢᠯᠦᠭ ᠵᠣᠬᠢᠶᠠᠵᠠᠢ᠃ ᠵᠢᠱᠢᠶᠡᠯᠡᠪᠡᠯ᠄ ᠶᠤᠵᠤᠲᠤ ᠰᠢᠯᠦᠭ ︽ᠬᠥᠭᠡᠷᠦᠬᠦᠢ ᠬᠥᠮᠥᠨ︾᠂ ︽ᠭᠤᠷᠪᠠᠨ ᠭᠠᠶᠢᠬᠠᠮᠰᠢᠭ︾ ᠪᠠ ᠵᠢᠷᠤᠭ ᠲᠤ ᠬᠠᠪᠰᠤᠷᠭᠠᠭᠰᠠᠨ ᠰᠢᠯᠦᠭ ︽ᠲᠠᠩᠰᠤᠭ ᠯᠠᠮᠠ ᠶᠢᠨ ᠦᠯᠢᠭᠡᠷ ᠤᠨ ᠲᠠᠶᠢᠯᠪᠤᠷᠢ ᠰᠢᠯᠦᠭ︾᠂ ᠨᠠᠶᠢᠷᠠᠭᠯᠠᠯ ︽ᠶᠢᠷᠲᠢᠨᠴᠦ ᠶᠢᠨ ᠴᠣᠭᠴᠠᠰ︾᠂ ︽ᠭᠠᠯ ᠤᠨ ᠮᠠᠭᠲᠠᠭᠤ ︾ ᠵᠡᠷᠭᠡ ᠪᠤᠢ᠃ 1926 ᠣᠨ ᠳᠤ ᠣᠷᠳᠣᠰ ᠤᠨ ᠳᠤᠭᠤᠶᠢᠯᠠᠩ ᠤᠨ ᠬᠥᠳᠡᠯᠭᠡᠭᠡᠨ ᠤ ᠤᠳᠤᠷᠢᠳᠤᠭᠴᠢ ᠸᠠᠩᠳᠠᠨᠨᠢᠮ᠎ᠡ᠂ ᠰᠢᠨᠡᠯᠠᠮᠡ ᠨᠠᠷ ᠪᠤᠭᠤᠲᠤ ᠳᠤ ᠵᠡᠪᠰᠡᠭᠲᠦ ᠬᠦᠴᠦᠨ ᠢ ᠵᠣᠬᠢᠶᠠᠨ ᠪᠠᠶᠢᠭᠤᠯᠵᠤ᠂ ᠥᠪᠥᠷ ᠮᠣᠩᠭᠤᠯ ᠤᠨ ᠠᠷᠠᠳ ᠤᠨ ᠬᠤᠪᠢᠰᠬᠠᠯᠲᠤ ᠴᠡᠷᠢᠭ ᠤᠨ ᠨᠢᠭᠡᠨ ᠰᠠᠯᠪᠤᠷᠢ ᠠᠩᠭᠢ ᠶᠢ ᠵᠣᠬᠢᠶᠠᠨ ᠪᠠᠶᠢᠭᠤᠯᠬᠤ ᠦᠶ᠎ᠡ᠂ ᠯᠣᠪᠰᠠᠩᠴᠦᠶᠢᠮᠫᠤᠯ ᠰᠢᠨᠡᠯᠠᠮᠡ ᠶᠢ ᠳᠠᠭᠠᠵᠤ ᠪᠣᠭᠤᠲᠤ ᠳᠤ ᠣᠴᠢᠭᠠᠳ ᠴᠡᠷᠢᠭ ᠤᠨ ᠪᠣᠯᠪᠠᠰᠤᠷᠠᠯ ᠳᠤ ᠣᠷᠣᠯᠴᠠᠵᠤ ᠪᠠᠶᠢᠭᠠᠳ ᠲᠡᠨᠳᠡ ᠡᠪᠡᠳᠴᠢᠨ ᠢᠶᠠᠷ ᠨᠠᠰᠤ ᠪᠠᠷᠠᠵᠠᠢ᠃           ︽ᠣᠲᠤᠭ ᠬᠤᠰᠢᠭᠤᠨ ᠤ ᠣᠶᠢᠯᠠᠯᠭ᠎ᠠ︾ ︽ᠣᠲᠤᠭ ᠬᠤᠰᠢᠭᠤᠨ ᠤ ᠣᠶᠢᠯᠠᠯᠭ᠎ᠠ︾ ᠨᠠᠶᠢᠷᠠᠭᠤᠯᠬᠤ ᠺᠣᠮᠢᠰ ᠨᠠᠶᠢᠷᠠᠭᠤᠯᠪᠠ
ᠢᠷᠡᠯᠲᠡ᠄ ᠤᠲᠤᠭ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠭᠡᠷ