ᠥᠪᠥᠷ ᠮᠣᠩᠭᠤᠯ ᠪᠥᠬᠦ ᠣᠷᠣᠨ ᠳᠠᠬᠢ 9 ᠸᠠᠯᠧᠨ᠋ᠳ᠋ᠲᠤ HPV ᠸᠠᠺᠼᠢᠨ ᠤ ᠬᠠᠩᠭᠠᠯᠭ᠎ᠠ ᠶᠢ ᠨᠡᠮᠡᠭᠳᠡᠭᠦᠯᠬᠦ ᠪᠠᠷ ᠪᠠᠶᠢᠨ᠎ᠠ
ᠨᠡᠶᠢᠲᠡᠯᠡᠭᠰᠡᠨ ᠴᠠᠭ᠄
2023/11/8
      ᠥᠪᠥᠷ ᠮᠣᠩᠭᠤᠯ 11 ᠳ᠋ᠦ᠋ᠭᠡᠷ ᠰᠠᠷ᠎ᠠ ᠠᠴᠠ ᠡᠬᠢᠯᠡᠨ ᠪᠥᠬᠦ ᠣᠷᠣᠨ ᠤ ᠡᠯ᠎ᠡ ᠠᠶᠢᠮᠠᠭ ᠬᠤᠲᠠ ᠳᠠᠬᠢ 9 ᠸᠠᠯᠧᠨ᠋ᠳ᠋ᠲᠤ HPV ᠸᠠᠺᠼᠢᠨ ᠤ ᠬᠠᠩᠭᠠᠯᠭ᠎ᠠ ᠶᠢ ᠨᠡᠮᠡᠭᠳᠡᠭᠦᠯᠦᠨ᠎ᠡ᠃ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠡᠷᠡᠭᠦᠯ ᠬᠠᠮᠠᠭᠠᠯᠠᠯ ᠡᠷᠡᠭᠦᠯ ᠮᠡᠨᠳᠦ ᠶᠢᠨ ᠵᠥᠪᠯᠡᠯ ᠤᠨ ᠠᠵᠢᠯ ᠤᠨ ᠪᠠᠶᠢᠷᠢᠯᠠᠭᠤᠯᠤᠯᠲᠠ ᠶᠣᠰᠣᠭᠠᠷ᠂ ᠥᠪᠥᠷ ᠮᠣᠩᠭᠤᠯ ᠤᠨ ᠥᠷᠭᠡᠨ ᠣᠯᠠᠨ ᠵᠣᠬᠢᠬᠤ ᠨᠠᠰᠤᠨ ᠤ ᠡᠮᠡᠭᠲᠡᠶᠢᠴᠦᠳ ᠤᠨ HPV ᠸᠠᠺᠼᠢᠨ ᠲᠠᠷᠢᠬᠤ ᠱᠠᠭᠠᠷᠳᠠᠯᠭ᠎ᠠ ᠶᠢ ᠤᠯᠠᠮ ᠢᠯᠡᠭᠦᠦ ᠬᠠᠩᠭᠠᠨ᠂ ᠥᠷᠭᠡᠨ ᠣᠯᠠᠨ ᠡᠮᠡᠭᠲᠡᠶᠢᠴᠦᠳ ᠤᠨ ᠪᠡᠶ᠎ᠡ ᠶᠢᠨ ᠡᠷᠡᠭᠦᠯ ᠮᠡᠨᠳᠦ ᠪᠠ ᠬᠤᠪᠢ ᠶᠢᠨ ᠠᠰᠢᠭ ᠲᠤᠰᠠ ᠶᠢ ᠨᠢ ᠬᠠᠮᠠᠭᠠᠯᠠᠬᠤ ᠶᠢᠨ ᠲᠤᠯᠠᠳᠠ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠡᠪᠡᠳᠴᠢᠨ ᠡᠮᠭᠡᠭ ᠢ ᠰᠡᠷᠭᠡᠶᠢᠯᠡᠨ ᠬᠢᠵᠠᠭᠠᠷᠯᠠᠬᠤ ᠲᠣᠪᠴᠢᠶ᠎ᠠ HPV ᠸᠠᠺᠼᠢᠨ ᠬᠠᠩᠭᠠᠬᠤ ᠠᠵᠤ ᠠᠬᠤᠶᠢᠯᠠᠯ ᠤᠳ ᠲᠠᠢ ᠢᠳᠡᠪᠬᠢᠲᠡᠢ ᠪᠠᠷ ᠵᠥᠪᠳᠡᠯᠴᠡᠵᠦ ᠪᠠᠶᠢᠭᠠᠳ ᠸᠠᠺᠼᠢᠨ ᠤ ᠬᠠᠩᠭᠠᠯᠭ᠎ᠠ ᠶᠢ ᠨᠡᠮᠡᠭᠳᠡᠭᠦᠯᠬᠦ ᠪᠠᠷ ᠪᠠᠶᠢᠨ᠎ᠠ᠃ ᠣᠳᠣᠬᠠᠨ ᠳᠤ᠂ ᠡᠯ᠎ᠡ ᠠᠶᠢᠮᠠᠭ ᠬᠤᠲᠠ ᠶᠢᠨ HPV ᠸᠠᠺᠼᠢᠨ ᠢ ᠵᠠᠯᠭᠠᠭ᠎ᠠ ᠪᠠᠷ ᠬᠦᠷᠭᠡᠭᠰᠡᠨ ᠪᠣᠯᠬᠤᠷ 11 ᠳ᠋ᠦ᠋ᠭᠡᠷ ᠰᠠᠷ᠎ᠠ ᠶᠢᠨ ᠳᠤᠮᠳᠠᠴᠢ ᠠᠴᠠ ᠡᠬᠢᠯᠡᠨ ︽ᠮᠦᠩᠬᠡ ᠰᠤᠪᠠᠭ︾ ᠢᠶᠠᠷ ᠪᠥᠬᠦ ᠣᠷᠣᠨ ᠳᠤ ᠸᠠᠺᠼᠢᠨ ᠤ ᠲᠠᠷᠢᠯᠭ᠎ᠠ ᠪᠣᠯᠵᠣᠬᠤ ᠳ᠋ᠤᠭᠠᠷ ᠲᠠᠯᠪᠢᠨ᠎ᠠ᠃ HPV ᠸᠠᠺᠼᠢᠨ ᠤ ᠲᠠᠷᠢᠯᠭ᠎ᠠ ᠪᠣᠯ ᠰᠠᠪᠠᠨ ᠬᠦᠵᠦᠭᠦᠨ ᠤ ᠥᠮᠡᠨ ᠵᠢᠴᠢ ᠬᠤᠯᠪᠣᠭᠳᠠᠯ ᠪᠦᠬᠦᠢ ᠡᠪᠡᠳᠴᠢᠨ ᠡᠮᠭᠡᠭ ᠤᠳ ᠢ ᠰᠡᠷᠭᠡᠶᠢᠯᠡᠬᠦ ᠪᠦᠲᠦᠮᠵᠢᠲᠡᠶ ᠠᠷᠭ᠎ᠠ ᠪᠥᠭᠡᠳ ᠲᠣᠰ ᠸᠠᠺᠼᠢᠨ ᠨᠢ ᠡᠭᠡᠯᠢᠯᠡᠭᠡ ᠶᠢᠨ ᠪᠤᠰᠤ ᠲᠥᠯᠥᠪᠯᠡᠭᠡ ᠶᠢᠨ ᠸᠠᠺᠼᠢᠨ ᠮᠥᠨ᠂ ᠣᠯᠠᠨ ᠲᠦᠮᠡᠨ ᠰᠠᠶᠢᠨ ᠳᠤᠷ᠎ᠠ ᠠᠴᠠ ᠪᠠᠨ ᠥᠪᠡᠷ ᠤᠨ ᠰᠦᠢᠳᠬᠡᠯ ᠢᠶᠠᠷ ᠢᠶᠠᠨ ᠲᠠᠷᠢᠭᠤᠯᠵᠤ ᠪᠣᠯᠣᠨ᠎ᠠ᠂ 9 ᠠᠴᠠ 45 ᠨᠠᠰᠤᠨ ᠤ ᠡᠮᠡᠭᠲᠡᠶᠢᠴᠦᠳ ᠲᠤ ᠲᠣᠬᠢᠷᠠᠨ᠎ᠠ᠃ ᠲᠠᠷᠢᠭᠤᠯᠬᠤ ᠱᠠᠭᠠᠷᠳᠠᠯᠭ᠎ᠠ ᠲᠠᠢ ᠳᠣᠬᠢᠷᠠᠬᠤ ᠨᠠᠰᠤᠨ ᠤ ᠬᠥᠮᠥᠰ ︽ᠮᠦᠩᠬᠡ ᠰᠤᠪᠠᠭ︾ ᠳᠡᠭᠡᠷ᠎ᠡ ᠳᠠᠩᠰᠠᠯᠠᠭᠤᠯᠤᠭᠰᠠᠨ ᠤ ᠳᠠᠷᠠᠭ᠎ᠠ᠂ ᠲᠦᠷᠦᠭᠦᠤ ᠨᠢᠭᠤᠷ ᠲᠠᠬᠢ HPV ᠸᠠᠺᠼᠢᠨ ᠲᠠᠷᠢᠭᠤᠯᠬᠤ ᠳᠠᠷᠤᠪᠴᠢ ᠶᠢ ᠳᠠᠷᠤᠵᠤ ᠪᠣᠯᠵᠣᠵᠤ ᠪᠣᠯᠣᠨ᠎ᠠ᠃ 9 ᠸᠠᠯᠧᠨ᠋ᠳ᠋ᠲᠤ HPV ᠸᠠᠺᠼᠢᠨ ᠲᠠᠷᠢᠭᠤᠯᠬᠤ ᠬᠥᠮᠥᠨ ᠨᠡᠯᠢᠶᠡᠳ ᠣᠯᠠᠨ ᠪᠣᠯᠬᠤᠷ ᠪᠣᠯᠵᠤᠭ᠎ᠠ ᠦᠭᠡᠢ ᠬᠥᠮᠥᠰ ᠲᠡᠪᠴᠢᠶᠡᠷᠢᠲᠡᠢ ᠬᠦᠯᠢᠶᠡᠮᠦ᠂ ᠲᠠᠷᠢᠯᠭ᠎ᠠ ᠪᠣᠯᠵᠣᠬᠤ ᠳ᠋ᠤᠭᠠᠷ ᠢ ᠰᠠᠷ᠎ᠠ ᠪᠦᠷᠢ ᠲᠠᠯᠪᠢᠨ᠂ ᠸᠠᠺᠼᠢᠨ ᠲᠠᠷᠢᠭᠤᠯᠬᠤ ᠬᠦᠰᠡᠯ ᠲᠠᠢ ᠬᠦᠮᠦᠨ ᠪᠦᠬᠦᠨ ᠳᠤ ᠲᠠᠷᠢᠵᠤ ᠥᠭᠬᠦ ᠪᠠᠷ ᠴᠢᠷᠮᠠᠶᠢᠨ᠎ᠠ ᠭᠡᠵᠦ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠡᠪᠡᠳᠴᠢᠨ ᠡᠮᠭᠡᠭ ᠢ ᠰᠡᠷᠭᠡᠶᠢᠯᠡᠨ ᠬᠢᠵᠠᠭᠠᠷᠯᠠᠬᠤ ᠲᠣᠪᠴᠢᠶᠠᠨ ᠠᠴᠠ ᠰᠠᠨᠠᠭᠤᠯᠵᠤ ᠪᠠᠶᠢᠨ᠎ᠠ᠃  
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ