ᠠᠷᠭᠠᠯ ᠲᠡᠭᠦᠭᠦ ᠬᠠᠰᠢᠶᠠᠯᠠᠬᠤ ᠶᠤᠰᠤ ᠵᠢᠷᠤᠮ ᠤᠨ ᠲᠤᠬᠠᠢ ︵ᠭᠤᠷᠪᠠ︶
ᠨᠡᠶᠢᠲᠡᠯᠡᠭᠰᠡᠨ ᠴᠠᠭ᠄
2023/12/11
      ᠠᠷᠭᠠᠯ ᠪᠤᠯ ᠦᠬᠡᠷ ᠤᠨ ᠬᠠᠲᠠᠭᠠᠭᠰᠠᠨ ᠪᠠᠭᠠᠰᠤ ᠮᠦᠨ᠃ ᠡᠭᠦᠨ ᠢ ᠮᠠᠯᠵᠢᠬᠤ ᠤᠷᠤᠨ ᠳᠤ ᠭᠤᠥᠯ ᠲᠦᠯᠡᠰᠢ ᠪᠠᠨ ᠪᠤᠯᠭᠠᠵᠤ᠂ ᠮᠠᠯ ᠤᠨ ᠬᠡᠰᠢᠭ ᠰᠢᠮ᠎ᠡ ᠬᠡᠵᠤ ᠦᠵᠡᠵᠤ ᠬᠠᠪᠤᠷ ᠨᠢ ᠲᠠᠷᠠᠭ᠎ᠠ ᠡᠪᠤᠯ ᠬᠠᠪᠤᠷ ᠤᠨ ᠲᠦᠯᠡᠰᠢ — ᠠᠷᠭᠠᠯ ᠢᠶᠠᠨ ᠪᠡᠯᠡᠳᠬᠡᠨ ᠬᠠᠰᠢᠶᠠᠯᠠᠵᠤ ᠲᠠᠪᠬᠤᠷᠯᠠᠵᠤ ᠠᠪᠳᠠᠭ᠃ ᠡᠨᠡ ᠨᠢ ᠮᠤᠩᠭᠤᠯᠴᠥᠳ ᠤᠨ ᠡᠷᠳᠠᠨ ᠠᠴᠠ ᠤᠯᠠᠮᠵᠢᠯᠠᠭᠳᠠᠨ ᠢᠷᠡᠭᠰᠡᠨ ᠦᠨᠳᠦᠰᠦᠳᠠᠨ ᠤ ᠵᠠᠩ ᠦᠢᠯᠡ ᠮᠦᠨ᠃ ᠮᠠᠯᠴᠢᠳ ᠨᠡᠭᠦᠳᠡᠯ ᠠᠮᠢᠳᠤᠷᠠᠯ  ᠳᠠᠭᠠᠨ ᠮᠦᠨ ᠠᠭᠤᠯᠠᠨ ᠮᠤᠳᠤ ᠶᠢ ᠲᠤᠷ᠎ᠠ ᠪᠠᠷ ᠢᠶᠠᠨ ᠤᠭᠳᠤᠯᠵᠤ ᠠᠪᠬᠤ ᠦᠭᠡᠢ ᠬᠠᠷᠢᠨ ᠬᠡᠬᠡᠷ᠎ᠡ ᠶᠢᠨ ᠠᠶᠠᠨᠳᠠᠭᠠᠨ ᠬᠠᠲᠠᠭᠰᠠᠨ ᠠᠷᠭᠠᠯ ᠢ ᠲᠡᠭᠦᠵᠤ ᠲᠦᠯᠡᠰᠢ ᠪᠤᠯᠭᠠᠳᠠᠭ ᠡᠷᠭᠢᠮ ᠨᠠᠨᠳᠢᠨ ᠰᠤᠷᠳᠠᠯ ᠲᠠᠢ ᠶᠤᠮ᠃ ᠶᠠᠭ ᠡᠶᠢᠮᠦ ᠠᠴᠠ ᠠᠷᠭᠠᠯ ᠲᠡᠭᠦᠭᠦ ᠪᠣᠯ ᠮᠤᠩᠭᠤᠯ ᠠᠮᠢᠳᠤᠷᠠᠯ ᠤᠨ ᠲᠤᠮᠳᠠ ᠲᠤᠳᠠᠭᠳᠠᠵᠤ ᠪᠤᠯᠤᠰᠢ ᠦᠭᠡᠢ ᠠᠵᠢᠯ ᠪᠤᠯᠵᠤ᠂ ᠮᠤᠩᠭᠤᠯ ᠵᠠᠩ ᠵᠠᠩᠰᠢᠯ ᠮᠤᠩᠭᠤᠯ ᠰᠤᠶᠤᠯ ᠤᠨ ᠪᠠᠰᠠ ᠨᠢᠭᠡᠨ ᠴᠢᠬᠤᠯᠠ ᠪᠦᠷᠢᠯᠳᠦᠭᠦᠨ ᠬᠡᠰᠡᠭ ᠪᠤᠯᠵᠤ ᠴᠢᠳᠠᠭᠰᠡᠨ ᠪᠠᠶᠢᠨ᠎ᠠ᠃       ᠭᠤᠷᠪᠠ᠂ ᠠᠷᠤᠭ ᠤᠨ ᠡᠭᠦᠷᠭᠦ ᠤᠭᠤᠰᠤᠷ ᠭᠢᠭᠦ ᠵᠢᠴᠢ ᠡᠭᠦᠷᠭᠦ ᠠᠷᠤᠭ ᠡᠭᠦᠷᠭᠦ ᠲᠡᠭᠡᠰᠦ ᠶᠢ ᠭᠢᠭᠦ ᠳᠡᠭᠡᠨ ᠶᠡᠷᠦ ᠳᠡᠭᠡᠨ ᠤᠯᠤᠰᠤ ᠪᠠ ᠮᠤᠷᠢᠨ ᠲᠡᠯ ᠲᠠᠢ ᠨᠠᠷᠢᠨ ᠰᠢᠭ᠂ ᠪᠠᠷᠤᠭ ᠰᠠᠪᠬ᠎ᠠ ᠠᠴᠠ ᠪᠠᠭ᠎ᠠ ᠪᠦᠳᠦᠭᠦᠨ ᠨᠢᠭᠡᠳᠭᠡᠨ ᠲᠠᠮᠤᠵᠤ᠂ ᠭᠤᠷᠪᠠ ᠪᠤᠶᠦ ᠲᠦᠷᠪᠡᠨ ᠮᠦᠷ ᠨᠤᠭᠤᠯᠤᠨ ᠵᠡᠷᠭᠡᠴᠡᠭᠦᠯᠦᠨ ᠤᠶᠤᠭᠠᠳ ᠠᠷᠤᠭ ᠡᠭᠦᠷᠭᠦ ᠲᠠᠯ᠎ᠠ ᠳᠤᠨᠢ ᠰᠡᠪᠡᠯᠡᠨ ᠭᠠᠷᠭᠠᠵᠤ ᠠᠷᠤᠭ ᠤᠨ ᠲᠤᠳᠤᠷ᠎ᠠ ᠲᠠᠯ᠎ᠠ ᠳᠤ ᠪᠢᠳᠠᠭᠦᠯᠡᠨ ᠤᠶᠠᠵᠤ ᠲᠤᠭᠳᠠᠭᠠᠨ᠎ᠠ᠃ ᠤᠷᠳᠦ ᠤᠬᠤᠷ ᠢ ᠨᠢ ᠪᠡᠶ᠎ᠠ ᠶᠢᠨ ᠦᠨᠳᠦᠷ ᠪᠤᠭᠤᠨᠢ ᠪᠠᠨ ᠦᠨᠳᠦᠰᠦᠯᠡᠨ ᠲᠣᠬᠢᠷᠠᠭᠤᠯᠳᠠᠭ᠃ ᠠᠷᠤᠭ ᠡᠭᠦᠷᠭᠦ ᠲᠡᠭᠡᠰᠦ ᠶᠢ ᠤᠯᠤᠰᠤ ᠮᠤᠷᠢᠨ ᠲᠡᠯ ᠢᠶᠠᠷ ᠨᠢᠭᠡᠳᠭᠡᠨ ᠲᠠᠮᠤᠬᠤ ᠨᠢ ᠪᠤᠷᠤᠭ᠎ᠠ ᠤᠰᠤᠨ ᠳᠤ ᠢᠯᠵᠢᠷᠡᠨ ᠲᠠᠰᠤᠷᠠᠬᠤ ᠶᠢ ᠰᠡᠷᠭᠡᠶᠢᠯᠡᠭᠦ ᠴᠢᠨᠠᠷ ᠢ ᠲᠡᠭᠡᠭᠰᠢᠯᠠᠭᠦᠯᠵᠦ ᠬᠡᠳᠦᠨ ᠵᠢᠯ ᠢᠯᠡᠭᠦᠦ ᠬᠡᠷᠡᠭᠯᠡᠭᠦ ᠳᠤ ᠰᠠᠶᠢᠨ ᠪᠠᠶᠢᠳᠠᠭ᠃ ᠵᠡᠷᠭᠡᠴᠡᠭᠦᠯᠤᠨ ᠬᠠᠪᠳᠠᠭᠠᠶᠢᠷᠠᠭᠤᠯᠵᠤ ᠤᠶᠤᠬᠤ ᠨᠢ ᠤᠷᠳᠦ ᠴᠠᠭ ᠢᠶᠠᠷ ᠬᠡᠭᠡᠷ᠎ᠡ ᠭᠠᠳᠠᠨ᠎ᠠ ᠭᠦᠯᠳᠠᠭᠦᠰᠦ ᠠᠷᠭᠠᠯ ᠲᠡᠭᠦᠭᠦ ᠳᠤ ᠮᠥᠷᠦ ᠲᠠᠷᠤᠬᠤ ᠦᠢᠯᠡᠳᠦᠯ ᠲᠠᠢ ᠶᠤᠮ᠃ ᠬᠡᠷᠪᠡ ᠮᠤᠷᠢᠨ ᠲᠡᠯ ᠤᠯᠳᠠᠬᠤ ᠦᠭᠡᠢ ᠪᠤᠯ ᠤᠯᠤᠰᠤ ᠪᠠᠷ ᠰᠢᠭᠤᠳ ᠨᠢᠭᠡᠳᠭᠡᠨ ᠲᠠᠮᠤᠵᠤ ᠵᠡᠷᠭᠡᠴᠡᠭᠦᠯᠦᠨ ᠤᠶᠤᠭᠠᠳ ᠪᠠᠰᠠ ᠬᠡᠷᠡᠭᠯᠡᠳᠡᠭ᠃ ᠮᠠᠭᠤ ᠲᠠᠯ᠎ᠠ ᠨᠢ ᠪᠠᠬᠢᠯᠡᠭ ᠴᠢᠨᠠᠷ ᠢᠶᠠᠷ ᠠᠨᠠᠢ ᠪᠠᠶᠢᠳᠠᠭ᠃ ᠠᠷᠤᠭ ᠤᠨ ᠡᠭᠦᠷᠭᠦ ᠲᠠᠯ᠎ᠠ  ᠶᠢᠨ ᠢᠷᠤᠭᠠᠷ ᠤᠨ ᠪᠠᠷᠠᠭᠤᠨ ᠲᠠᠯ᠎ᠠ ᠪᠤᠶᠦ ᠵᠡᠭᠦᠨ ᠲᠠᠯ᠎ᠠ ᠶᠢᠨ ᠲᠤᠥᠷ᠎ᠠ ᠦᠨᠴᠦᠭ ᠲᠤ ᠭᠤᠷᠪᠠᠨ ᠢᠮᠠᠬᠤ ᠰᠢᠬᠠᠮ ᠪᠢᠳᠡᠭᠦᠯᠡᠨ ᠣᠶᠤᠭᠰᠠᠨ ᠤᠭᠤᠰᠤᠷ ᠭᠢᠳᠡᠭ᠂ ᠡᠨᠡ ᠨᠢ ᠲᠡᠭᠦᠭᠰᠡᠨ ᠠᠷᠭᠠᠯ ᠢᠶᠠᠨ ᠴᠢᠳᠬᠤᠬᠤ ᠳᠤ ᠠᠷᠤᠭ ᠢᠶᠠᠨ ᠭᠠᠵᠠᠷ ᠲᠤ ᠰᠠᠪᠠᠭᠠᠳ ᠡᠪᠳᠡᠯᠡᠵᠤ ᠠᠴᠠ ᠰᠡᠷᠭᠡᠶᠢᠯᠡᠬᠦ ᠳᠤ ᠬᠡᠷᠡᠭᠯᠡᠳᠡᠭ ᠢᠷᠤᠭᠠᠷ ᠤᠭᠤᠰᠤᠷ ᠪᠤᠯᠤᠨ᠎ᠠ᠃ ᠮᠤᠩᠭᠤᠯᠴᠤᠳ ᠠᠷᠤᠭ ᠰᠠᠪᠠᠷ ᠢᠶᠠᠨ ᠬᠡᠵᠢᠶᠡᠳᠡ ᠭᠦᠮᠦᠨ ᠮᠠᠯ ᠤᠨ ᠭᠦᠯ ᠠᠴᠠ ᠵᠠᠶᠢᠲᠠᠢ ᠭᠠᠵᠠᠷ ᠲᠤ ᠲᠠᠯᠪᠢᠳᠠᠭ᠃ ᠡᠨᠡᠭᠦ ᠠᠮᠢᠳᠤᠷᠠᠯ ᠤᠨ ᠰᠤᠷᠳᠠᠯ ᠨᠢ ᠮᠤᠩᠭᠤᠯᠴᠥᠳ ᠤᠨ ᠨᠡᠭᠦᠳᠡᠯ ᠠᠮᠢᠳᠤᠷᠠᠯ ᠤᠨ ᠡᠯᠪᠡᠭ ᠪᠠᠶᠠᠯᠢᠭ ᠲᠤᠷᠰᠢᠯᠭ᠎ᠠ ᠠᠴᠠ ᠪᠤᠢ ᠪᠤᠯᠤᠨ ᠭᠦᠭᠵᠢᠵᠦ ᠢᠷᠠᠭᠡᠳ ᠮᠠᠯᠵᠢᠬᠤ ᠠᠮᠢᠳᠤᠷᠠᠯ ᠤᠨ ᠰᠠᠶᠢᠨ ᠰᠠᠶᠢᠬᠠᠨ ᠤᠨᠳᠤᠷᠤᠯ ᠤᠨ ᠰᠤᠷᠳᠠᠯ ᠪᠤᠯᠬᠤ ᠶᠤᠮ᠃ ᠤᠯᠠᠮᠵᠢᠯᠠᠯᠲᠤ ᠠᠷᠤᠭ ᠡᠭᠦᠷᠭᠦ ᠶᠤᠰᠤ ᠨᠢ ᠲᠤᠬᠤᠶᠢᠯᠠᠨ ᠡᠭᠦᠷᠭᠦ ᠠᠷᠭ᠎ᠠ ᠪᠤᠯᠤᠨ᠎ᠠ᠃ ᠡᠨᠡ ᠨᠢ ᠠᠷᠤᠭ ᠢᠶᠠᠨ ᠡᠭᠦᠷᠦᠭᠰᠡᠨ ᠤ ᠲᠠᠷᠠᠭ᠎ᠠ ᠨᠢᠭᠡ ᠭᠠᠷ ᠢᠶᠠᠨ ᠠᠷᠤᠭ ᠤᠨ ᠤᠭᠤᠰᠤᠷ ᠤᠨ ᠲᠤᠳᠤᠷ ᠲᠠᠯ᠎ᠠ ᠠᠴᠠ ᠭᠠᠳᠠᠭᠰᠢ ᠭᠢᠵᠦ ᠲᠤᠷᠤᠭᠰᠢ ᠲᠠᠷᠤᠭᠠᠳ᠂ ᠨᠦᠭᠦᠭᠡ ᠭᠠᠷ ᠲᠠᠭᠠᠨ ᠰᠠᠪᠠᠷ ᠢᠶᠠᠨ ᠪᠠᠷᠢᠵᠤ ᠠᠷᠭᠠᠯ ᠲᠠᠭᠦᠳᠡᠭ᠃      ᠬᠤᠵᠢᠮ ᠨᠢ ᠮᠦᠷᠦᠪᠴᠢᠯᠡᠨ ᠡᠭᠦᠷᠭᠦ ᠶᠢ ᠬᠡᠷᠡᠭᠯᠡᠭᠰᠡᠨ ᠪᠠᠶᠢᠨ᠎ᠠ᠃ ᠡᠨᠡ ᠲᠤᠬᠤᠶᠢᠯᠠᠨ ᠡᠭᠦᠷᠭᠦ ᠠᠴᠠ ᠪᠡᠶ᠎ᠡ ᠳᠤ ᠲᠦᠭᠦᠮ ᠮᠦᠷᠳᠡᠭᠡᠨ ᠲᠤᠮᠤ ᠰᠢᠭ ᠠᠷᠤᠭ ᠢ ᠡᠭᠦᠷᠭᠦ ᠳᠤ ᠲᠤᠭᠢᠷᠠᠮᠵᠢᠳᠠᠢ ᠪᠠᠶᠢᠵᠤ᠂ ᠰᠠᠪᠠᠷ ᠢᠶᠠᠨ ᠬᠤᠶᠠᠷ ᠭᠠᠷ ᠢᠶᠠᠷ ᠢᠶᠠᠨ ᠪᠠᠷᠢᠵᠤ ᠠᠷᠭᠠᠯ ᠲᠡᠭᠦᠭᠦ ᠳᠤ ᠭᠦᠴᠦ ᠠᠷᠪᠢᠯᠠᠵᠤ ᠴᠢᠳᠠᠬᠤ ᠪᠦᠭᠡᠳ ᠤᠯᠠᠮᠵᠢᠯᠠᠯᠳᠦ ᠠᠷᠤᠭ ᠡᠭᠦᠷᠭᠦ ᠶᠤᠰᠤᠨ ᠳᠤ ᠰᠢᠨᠠᠴᠢᠯᠠᠯᠳᠡ ᠭᠢᠭᠰᠡᠨ ᠶᠠᠪᠤᠳᠠᠯ ᠪᠤᠯᠬᠤ ᠶᠤᠮ᠃ 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ