ᠵᠠᠯᠰᠬᠠᠤᠳᠽᠠᠷ
ᠨᠡᠶᠢᠲᠡᠯᠡᠭᠰᠡᠨ ᠴᠠᠭ᠄
2023/12/13
      ᠵᠠᠯᠰᠬᠠᠤᠳᠽᠠᠷ᠄ ᠮᠣᠩᠭᠤᠯ ᠦᠨᠳᠦᠰᠦᠲᠡᠨ᠂ ᠡᠷᠡᠭᠲᠡᠢ᠂ 1874 ᠣᠨ ᠳᠤ ᠣᠲᠤᠭ ᠬᠤᠰᠢᠭᠤᠨ ᠤ ᠮᠠᠨᠢᠲᠤ ︵ᠣᠳᠣ ᠶᠢᠨ ᠴᠠᠪ ᠰᠤᠮᠤᠨ ᠤ ᠠᠷᠤᠪᠤᠯᠠᠭ︶ ᠳᠠᠬᠢ ᠮᠠᠯᠴᠢᠨ ᠨᠠᠰᠤᠨᠳᠡᠯᠭᠡᠷ ᠤᠨ ᠠᠬᠠᠮᠠᠳ ᠬᠥᠪᠡᠭᠦᠨ ᠪᠣᠯᠣᠨ ᠵᠠᠶᠠᠭᠠᠵᠠᠢ᠃ ᠲᠡᠷᠡ ᠰᠡᠴᠡᠨ ᠰᠡᠷᠭᠦᠯᠡᠩ ᠪᠣᠯᠬᠤᠷ ᠪᠠᠭ᠎ᠠ ᠨᠠᠰᠤᠨ ᠠᠴᠠ ᠪᠠᠨ ᠡᠬᠢᠯᠡᠨ ᠮᠣᠩᠭᠤᠯ ᠪᠢᠴᠢᠭ᠂ ᠲᠥᠪᠡᠳ ᠪᠢᠴᠢᠭ ᠪᠠ ᠡᠮᠨᠡᠯᠭᠡ ᠶᠢᠨ ᠤᠬᠠᠭᠠᠨ ᠢ ᠬᠠᠲᠠᠭᠤᠵᠢᠯᠲᠠᠢ ᠰᠤᠷᠤᠯᠴᠠᠵᠠᠢ᠃ ᠵᠠᠯᠠᠭᠤ ᠨᠠᠰᠤᠨ ᠳᠠᠭᠠᠨ ᠠᠯᠤᠰ ᠬᠤᠯᠠ ᠬᠦᠮᠪᠦᠮ ᠬᠡᠶᠢᠳ᠂ ᡀᠠᠰᠠ ᠵᠡᠷᠭᠡ ᠭᠠᠵᠠᠷ ᠬᠦᠷᠴᠦ ᠡᠮᠨᠡᠯᠭᠡ ᠶᠢᠨ ᠤᠬᠠᠭᠠᠨ ᠪᠠ ᠭᠦᠨ ᠤᠬᠠᠭᠠᠨ ᠢ ᠰᠢᠮᠲᠠᠨ ᠰᠤᠷᠤᠯᠴᠠᠵᠤ᠂ ᠪᠣᠳ᠋ᠳ᠋ᠾᠨ ᠶᠢᠨ ᠱᠠᠰᠢᠨ ᠤ ︽ᠲᠠᠪᠤᠨ ᠤᠬᠠᠭᠠᠨ︾ ᠤ ᠰᠣᠩᠭᠤᠳᠠᠭ ᠵᠣᠬᠢᠶᠠᠯ ᠢ ᠰᠤᠷᠤᠯᠴᠠᠨ ᠰᠤᠳᠤᠯᠵᠤ ᠨᠡᠪᠲᠡᠷᠡᠭᠡᠳ ᠪᠠᠨᠳᠢᠳᠠ ᠴᠣᠯᠠ ᠣᠯᠵᠠᠢ᠃ ᠲᠥᠪᠡᠳ ᠠᠴᠠ ᠣᠲᠤᠭ ᠬᠤᠰᠢᠭᠤᠨ ᠳᠠᠭᠠᠨ ᠪᠤᠴᠠᠵᠤ ᠢᠷᠡᠭᠰᠡᠨ ᠤ ᠳᠠᠷᠠᠭ᠎ᠠ᠂ ᠡᠯ᠎ᠡ ᠡᠲᠡᠭᠡᠳ ᠤᠨ ᠳᠡᠮᠵᠢᠯᠭᠡ ᠶᠢ ᠬᠦᠷᠲᠡᠵᠦ᠂ ᠠᠷᠪᠠᠰ ᠤᠨ ᠠᠭᠤᠯᠠᠨ ᠳᠤ ᠲᠢᠶᠠᠠ ᠰᠦᠮ᠎ᠡ ᠶᠢ ᠥᠷᠭᠡᠳᠬᠡᠨ ᠪᠠᠶᠢᠭᠤᠯᠵᠤ ᠲᠡᠨᠳᠡ ᠡᠮ ᠡᠮᠨᠡᠯᠭᠡ ᠪᠠ ᠱᠠᠰᠢᠨ ᠤ ᠠᠵᠢᠯᠯᠠᠭ᠎ᠠ ᠶᠢ ᠤᠶᠠᠯᠳᠤᠭᠤᠯᠤᠨ ᠬᠢᠵᠦ ᠪᠠᠶᠢᠪᠠ᠃ ᠲᠡᠷᠡ ᠪᠠᠰᠠ ᠪᠡᠭᠡᠵᠢᠩ᠂ ᠱᠠᠩᠬᠠᠢ᠂ ᠬᠠᠢ ᠨᠠᠠ ᠳ᠋ᠣᠤ ᠵᠡᠷᠭᠡ ᠭᠠᠵᠠᠷ ᠢᠶᠠᠷ ᠲᠣᠭᠤᠷᠢᠨ ᠠᠶᠠᠯᠠᠵᠤ᠂ ᠬᠢᠲᠠᠳ ᠦᠨᠳᠦᠰᠦᠲᠡᠨ ᠤ ᠳᠠᠪᠰᠢᠭᠰᠠᠨ ᠰᠣᠶᠣᠯ ᠪᠠ ᠬᠢᠲᠠᠳ ᠡᠮᠨᠡᠯᠭᠡ ᠶᠢᠨ ᠨᠥᠯᠥᠭᠡ ᠶᠢ ᠶᠡᠭᠡ ᠬᠦᠷᠲᠡᠵᠡᠢ᠃ ᠦᠲᠡᠯ᠎ᠡ ᠨᠠᠰᠤᠨ ᠳᠠᠭᠠᠨ ᠲᠢᠶᠠᠠ ᠰᠦᠮ᠎ᠡ ᠶᠢᠨ ᠡᠵᠡᠨ ᠯᠠᠮᠠ ᠪᠠᠶᠢᠪᠠ᠃      ᠵᠠᠯᠰᠬᠠᠤᠳᠽᠠᠷ ᠲᠢᠶᠠᠨ ᠰᠦᠮ᠎ᠡ ᠳᠡᠭᠡᠷ᠎ᠡ ᠡᠪᠡᠳᠴᠢᠨ ᠦᠵᠡᠬᠦ ᠠᠴᠠ ᠭᠠᠳᠠᠨ᠎ᠠ ᠦᠷᠭᠦᠯᠵᠢ ᠣᠶᠢᠷ᠎ᠠ ᠵᠡᠷᠭᠡᠯᠡᠳᠡᠭᠡ ᠬᠤᠰᠢᠭᠤᠳ ᠲᠤ ᠵᠠᠯᠠᠭᠳᠠᠵᠤ᠂ ᠡᠯᠳᠡᠪ ᠵᠦᠢᠯ ᠤᠨ ᠪᠡᠷᠬᠡ ᠡᠪᠡᠳᠴᠢᠨ ᠢ ᠠᠨᠠᠭᠠᠳᠠᠭ ᠪᠠᠶᠢᠵᠠᠢ᠃ ᠵᠢᠯ ᠪᠦᠷᠢ ᠠᠷᠪᠠᠰ ᠤᠨ ᠠᠭᠤᠯᠠ᠂ ᠠᠯᠠᠱᠠᠨ ᠠᠭᠤᠯᠠᠨ ᠳᠤ ᠪᠡᠶ᠎ᠡ ᠪᠠᠷ ᠢᠶᠠᠨ ᠭᠠᠷᠴᠤ ᠡᠮ ᠲᠡᠭᠦᠳᠡᠭ ᠪᠥᠭᠡᠳ ᠡᠮ ᠲᠡᠭᠦᠬᠦ ᠶᠢᠨ ᠬᠠᠮᠲᠤ ᠡᠮᠴᠢᠯᠡᠭᠡ ᠬᠢᠳᠡᠭ ᠪᠣᠯᠬᠤᠷ ᠣᠷᠳᠣᠰ ᠪᠠ ᠠᠯᠠᠱᠠᠨ ᠨᠤᠲᠤᠭ ᠲᠤ ᠠᠯᠳᠠᠷᠰᠢᠵᠠᠢ᠃ ᠲᠡᠷᠡ ᠦᠷᠭᠦᠯᠵᠢ ᠮᠠᠮᠪᠠ ᠷᠠᠰᠠᠩ ︵ᠣᠳᠣ ᠶᠢᠨ ᠷᠠᠰᠠᠩ ᠰᠦᠮ᠎ᠡ︶ ᠰᠦᠮ᠎ᠡ ᠳᠡᠭᠡᠷ᠎ᠡ ᠣᠴᠢᠵᠤ᠂ ᠲᠡᠨᠳᠡᠬᠢ ᠡᠮᠴᠢ ᠨᠠᠷ ᠲᠠᠢ ᠪᠠᠷ ᠬᠠᠮᠲᠤ ᠡᠮ ᠡᠮᠨᠡᠯᠭᠡ ᠶᠢ ᠶᠠᠷᠢᠯᠴᠠᠨ ᠰᠤᠳᠤᠯᠵᠤ ᠪᠠᠶᠢᠵᠠᠢ᠃ ᠲᠡᠭᠦᠨ ᠤ ᠲᠥᠪᠡᠳ ᠬᠡᠯᠡ ᠪᠠᠷ ᠨᠠᠶᠢᠷᠠᠭᠤᠯᠤᠨ ᠪᠢᠴᠢᠭᠰᠡᠨ ︽ᠷᠠᠰᠢᠶᠠᠨ ᠤ ᠲᠣᠰᠣᠯ ᠬᠡᠮᠡᠭᠳᠡᠬᠦ ᠲᠤᠷᠰᠢᠯᠭᠠᠲᠤ ᠵᠣᠷ︾ ᠭᠡᠬᠦ ᠨᠣᠮ ᠳᠤ ᠳᠣᠲᠣᠷ ᠰᠠᠯᠠᠭ᠎ᠠ᠂ ᠬᠠᠯᠠᠭᠤᠨ ᠬᠢᠵᠢᠭ᠂ ᠬᠠᠯᠳᠠᠪᠤᠷᠢᠲᠤ ᠡᠪᠡᠳᠴᠢᠨ᠂ ᠭᠠᠳᠠᠷ ᠰᠢᠷᠬ᠎ᠠ᠂ ᠡᠮᠡᠭᠲᠡᠢ᠂ ᠬᠡᠦᠬᠡᠳ᠂ ᠲᠠᠪᠤᠨ ᠡᠷᠬᠡᠲᠡᠨ᠂ ᠡᠯᠳᠡᠪ ᠡᠪᠡᠳᠴᠢᠨ ᠵᠡᠷᠭᠡ ᠠᠷᠪᠢᠨ ᠠᠭᠤᠯᠭ᠎ᠠ ᠶᠢ ᠪᠠᠭᠲᠠᠭᠠᠵᠤ᠂ ᠨᠡᠶᠢᠲᠡ 80 ᠭᠠᠷᠤᠢ ᠪᠦᠯᠦᠭ ᠬᠡᠰᠡᠭ ᠢᠶᠠᠷ ᠪᠦᠷᠢᠯᠳᠦᠵᠦ᠂ ᠣᠨᠣᠰᠢᠯᠠᠬᠤ᠂ ᠡᠮ ᠬᠡᠷᠡᠭᠯᠡᠬᠦ ᠲᠤᠷᠰᠢᠯᠭ᠎ᠠ ᠶᠢ ᠨᠠᠷᠢᠨ ᠲᠡᠮᠳᠡᠭᠯᠡᠵᠦ᠂ 200 ᠵᠦᠢᠯ ᠤᠨ ᠲᠤᠷᠰᠢᠯᠭᠠᠲᠤ ᠵᠣᠷ ᠢ ᠬᠤᠷᠢᠶᠠᠨ ᠣᠷᠣᠭᠤᠯᠵᠠᠢ᠃ ᠲᠤᠰ ᠨᠣᠮ ᠳᠤ ᠪᠠᠰᠠ ᠮᠠᠰᠢ ᠠᠷᠪᠢᠨ ᠣᠷᠣᠨ ᠨᠤᠲᠤᠭ ᠤᠨ ᠤᠯᠠᠮᠵᠢᠯᠠᠯᠲᠤ ᠵᠣᠷ ᠢ ᠡᠮᠬᠢᠳᠬᠡᠨ ᠪᠢᠴᠢᠵᠡᠢ᠂ ᠵᠢᠱᠢᠶᠡᠯᠡᠪᠡᠯ᠄ ᠴᠠᠭᠠᠨ ᠮᠣᠷᠢᠨ ᠶᠠᠰᠤᠨ ᠤ ᠵᠢᠩ ᠲᠠᠯᠪᠢᠬᠤ᠂ ᠬᠤᠯᠤᠭᠠᠨ᠎ᠠ ᠶᠢᠨ ᠲᠣᠰᠣᠨ ᠤ ᠲᠦᠷᠬᠢᠬᠦ ᠨᠠᠶᠢᠷᠠᠯᠭ᠎ᠠ᠂ ᠬᠤᠯᠤᠭᠠᠨ᠎ᠠ ᠶᠢᠨ ᠠᠷᠠᠰᠤ᠂ ᠡᠯᠵᠢᠭᠡᠨ ᠠᠷᠠᠰᠤᠨ ᠤ ᠵᠢᠩ ᠲᠠᠯᠪᠢᠬᠤ ᠵᠡᠷᠭᠡ ᠪᠠᠶᠢᠬᠤ ᠠᠴᠠ ᠭᠠᠳᠠᠨ᠎ᠠ᠂ ᠭᠤᠶᠣᠣ᠂ ᠡᠷᠳᠡᠨᠢ ᠶᠢᠨ ᠳᠠᠯᠬ᠎ᠠ᠂ ᠰᠤᠪᠤᠳ ᠤᠨ ᠳᠠᠯᠬ᠎ᠠ᠂ ᠭᠤᠷᠪᠠᠨ ᠰᠢᠷ᠎ᠠ ᠶᠢᠨ ᠦᠷᠢᠯ ᠵᠡᠷᠭᠡ ᠬᠢᠲᠠᠳ ᠡᠮ ᠤᠨ ᠲᠤᠷᠰᠢᠯᠭᠠᠲᠤ ᠵᠣᠷ ᠴᠤ ᠪᠣᠢ᠃ ᠵᠠᠯᠰᠬᠠᠤᠳᠽᠠᠷ ᠪᠠᠨᠳᠢᠳᠠ 1946 ᠣᠨ ᠳᠤ ᠲᠠᠭᠠᠯᠠᠯ ᠲᠡᠭᠦᠰᠴᠡᠢ᠃           ︽ᠣᠲᠤᠭ ᠬᠤᠰᠢᠭᠤᠨ ᠤ ᠣᠶᠢᠯᠠᠯᠭ᠎ᠠ︾ ︽ᠣᠲᠤᠭ ᠬᠤᠰᠢᠭᠤᠨ ᠤ ᠣᠶᠢᠯᠠᠯᠭ᠎ᠠ︾ ᠨᠠᠶᠢᠷᠠᠭᠤᠯᠬᠤ ᠺᠣᠮᠢᠰ ᠨᠠᠶᠢᠷᠠᠭᠤᠯᠪᠠ
ᠢᠷᠡᠯᠲᠡ᠄ ᠣᠲᠤᠭ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ