⒈ ᠰᠤᠷᠭᠠᠨ ᠬᠥᠮᠥᠵᠢᠯ ᠨᠢ ᠵᠥᠪᠬᠡᠨ ᠴᠥᠭᠡᠨ ᠲᠤᠭᠠᠨ ᠤ ᠰᠤᠷᠤᠭᠴᠢ ᠳᠤ ᠬᠠᠨᠳᠤᠬᠤ ᠪᠢᠰᠢ᠂ ᠮᠥᠨᠴᠤ ᠤᠯᠠᠩᠬᠢ ᠲᠤᠭᠠᠨ ᠤ ᠰᠤᠷᠤᠭᠴᠢ ᠳᠤ ᠬᠠᠨᠳᠤᠬᠤ | ᠪᠢᠰᠢ ᠬᠠᠷᠢᠨ ᠰᠤᠷᠤᠭᠴᠢ ᠪᠥᠬᠦᠨ ᠳᠤ ᠬᠠᠨᠳᠤᠬᠤ ᠬᠡᠷᠡᠭᠲᠡᠢ᠃ | ⒉ ᠰᠤᠷᠭᠠᠭᠤᠯᠢ ᠨᠢ ᠵᠥᠪᠬᠡᠨ ᠰᠤᠷᠤᠭᠴᠢ ᠶᠢᠨ ᠬᠥᠭᠵᠢᠯᠲᠡ ᠶᠢᠨ ᠲᠥᠯᠥᠭᠡ ᠭᠡᠵᠤ ᠥᠷᠥᠭᠡᠰᠤᠯ ᠢᠶᠠᠷ ᠤᠶᠢᠯᠠᠭᠠᠵᠤ ᠪᠤᠯᠬᠤ ᠦᠭᠡᠢ᠃ ᠤᠴᠢᠷ ᠨᠢ | ᠪᠠᠭᠰᠢ ᠶᠢᠨ ᠬᠥᠭᠵᠢᠯᠲᠡ ᠪᠤᠯᠤᠨ ᠰᠤᠷᠤᠭᠴᠢ ᠶᠢᠨ ᠬᠥᠭᠵᠢᠯᠲᠡ ᠪᠤᠯ ᠨᠢᠭᠡᠨ ᠬᠤᠪᠢᠰᠤᠩᠭᠤᠢ ᠨᠢᠭᠡᠳᠤᠮᠡᠯ ᠴᠤᠭᠴᠠ ᠪᠤᠯᠤᠨ᠎ᠠ᠃ ᠪᠠᠭᠰᠢ ᠶᠢᠨ ᠬᠥᠭᠵᠢᠯᠲᠡ ᠨᠢ | ᠰᠤᠷᠤᠭᠴᠢ ᠶᠢᠨ ᠬᠥᠭᠵᠢᠯᠲᠡ ᠶᠢ ᠨᠡᠩ ᠢᠯᠡᠭᠦᠤ ᠠᠬᠢᠭᠤᠯᠳᠠᠭ ᠤᠨ ᠤᠴᠢᠷ ᠠᠴᠠ ᠪᠠᠭᠰᠢ ᠶᠢᠨ ᠬᠥᠭᠵᠢᠯᠲᠡ ᠶᠢ ᠲᠠᠶᠠᠭᠳᠠᠵᠤ ᠰᠤᠷᠤᠭᠴᠢ ᠶᠢᠨ ᠬᠥᠭᠵᠢᠯᠲᠡ ᠶᠢ | ᠬᠥᠭᠡᠭᠡᠴᠡᠯᠳᠤᠬᠦ ᠳᠤ ᠬᠦᠷᠪᠡᠯ ᠬᠠᠮᠤᠭ ᠡᠴᠤᠰ ᠲᠤ ᠪᠠᠨ ᠰᠤᠷᠤᠭᠴᠢ ᠶᠢᠨ ᠬᠥᠭᠵᠢᠯᠲᠡ ᠨᠢ ᠴᠤ ᠬᠤᠭᠤᠰᠤᠨ ᠪᠤᠯᠬᠤ ᠳᠤ ᠬᠦᠷᠤᠨ᠎ᠡ᠃ | ⒊ ᠨᠡᠷ᠎ᠡ ᠨᠢᠳᠡᠷ ᠲᠤ ᠪᠠᠨ ᠲᠡᠩᠴᠡᠬᠦ ᠦᠭᠡᠢ ᠪᠠᠭᠰᠢ ᠵᠢᠭᠠᠨ ᠰᠤᠷᠭᠠᠯᠲᠠ ᠶᠢᠨ ᠳᠤᠮᠲᠠ ᠪᠠᠨ ᠰᠤᠷᠤᠭᠴᠢ ᠶᠢ ᠥᠪᠡᠷ ᠤᠨ ᠪᠡᠶ᠎ᠡ ᠳᠤ ᠪᠠᠨ | ᠵᠤᠬᠢᠴᠠᠭᠤᠯᠬᠤ ᠪᠠᠷ ᠵᠣᠷᠢᠵᠣ᠂ ᠮᠡᠳᠡᠯᠭᠡ ᠶᠢ ᠳᠠᠭᠠᠭᠤᠯᠵᠤ ᠰᠤᠷᠤᠭᠴᠢ ᠤᠷᠤᠭᠤ ᠬᠠᠨᠳᠤᠳᠠᠭ᠃ ᠭᠡᠲᠡᠯ᠎ᠡ ᠰᠢᠯᠢᠳᠡᠭ ᠪᠠᠭᠰᠢ ᠨᠢ ᠬᠠᠷᠢᠨ ᠵᠢᠭᠠᠨ ᠰᠤᠷᠭᠠᠯᠲᠠ ᠶᠢᠨ | ᠳᠤᠮᠳᠠ ᠪᠠᠨ ᠥᠪᠡᠷ ᠤᠨ ᠪᠡᠶ᠎ᠡ ᠶᠢ ᠰᠤᠷᠤᠭᠴᠢ ᠲᠠᠢ ᠪᠠᠨ ᠵᠤᠬᠢᠴᠠᠭᠤᠯᠵᠤ᠂ ᠰᠤᠷᠤᠭᠴᠢ ᠪᠠᠨ ᠳᠠᠭᠠᠭᠠᠤᠯᠵᠤ ᠮᠡᠳᠡᠯᠭᠡ ᠤᠷᠤᠭᠤ ᠬᠠᠨᠳᠤᠳᠠᠭ᠃ | ⒋ ᠪᠠᠭᠰᠢ ᠶᠢᠨ ᠥᠪ ᠦᠨᠡᠨ ᠴᠢᠳᠠᠪᠤᠷᠢ ᠨᠢ ᠮᠡᠳᠡᠯᠭᠡ ᠶᠢ ᠶᠠᠷᠢᠵᠤ ᠴᠢᠳᠠᠬᠤ ᠡᠰᠡᠬᠦ ᠳᠤ ᠪᠠᠶᠢᠬᠤ ᠪᠢᠰᠢ᠂ ᠬᠠᠷᠢᠨ ᠰᠤᠷᠤᠭᠴᠢ ᠶᠢᠨ ᠰᠤᠷᠬᠤ ᠤᠭ | ᠰᠠᠨᠠᠭ᠎ᠠ ᠶᠢ ᠬᠥᠭᠵᠢᠭᠡᠵᠤ ᠴᠢᠳᠠᠬᠤ ᠡᠰᠡᠬᠦ᠂ ᠤᠷᠮ᠎ᠠ ᠪᠠᠬ᠎ᠠ ᠲᠠᠢ ᠪᠠᠷ ᠰᠤᠷᠬᠤ ᠠᠵᠢᠯᠯᠠᠭᠠᠨ ᠳᠤ ᠤᠷᠤᠯᠴᠠᠭᠤᠯᠵᠤ ᠴᠢᠳᠠᠬᠤ ᠡᠰᠡᠬᠦ ᠳᠤ ᠪᠠᠶᠢᠭ᠎ᠠ ᠶᠤᠮ᠃ | ⒌ ᠨᠢᠭᠡᠳᠤᠭᠡᠷ ᠲᠡᠰ ᠤᠨ ᠰᠤᠷᠤᠭᠴᠢ ᠶᠢ ᠨᠢᠭᠡᠳᠤᠭᠡᠷ ᠲᠡᠰ ᠤᠨ ᠴᠢᠳᠠᠪᠤᠷᠢᠲᠠᠨ ᠪᠤᠯᠭᠠᠵᠤ ᠬᠥᠮᠤᠵᠢᠭᠦᠯᠦᠭᠰᠡᠨ ᠪᠠᠭᠰᠢ ᠪᠤᠯ ᠵᠥᠪᠬᠡᠨ ᠭᠤᠷᠪᠠᠳᠤᠭᠠᠷ | ᠲᠡᠰ ᠤᠨ ᠪᠠᠭᠰᠢ ᠳᠤ ᠲᠤᠭᠠᠴᠠᠭᠳᠠᠨ᠎ᠠ᠃ ᠨᠢᠭᠡᠳᠤᠭᠡᠷ ᠲᠡᠰ ᠤᠨ ᠪᠤᠰᠤ ᠰᠤᠷᠤᠭᠴᠢ ᠶᠢ ᠨᠢᠭᠡᠳᠤᠭᠡᠷ ᠲᠡᠰ ᠤᠨ ᠴᠢᠳᠠᠪᠤᠷᠢᠲᠠᠨ ᠪᠤᠯᠭᠠᠵᠤ ᠬᠦᠮᠦᠵᠢᠭᠦᠯᠦᠭᠰᠡᠨ | ᠪᠠᠭᠰᠢ ᠨᠢ ᠰᠠᠶ᠋ᠢ ᠨᠢᠭᠡᠳᠤᠭᠡᠷ ᠲᠡᠰ ᠤᠨ ᠪᠠᠭᠰᠢ ᠮᠥᠨ᠃ ᠶᠠᠮᠠᠷ ᠴᠤ ᠨᠢᠭᠡᠨ ᠰᠤᠷᠭᠠᠨ ᠬᠥᠮᠤᠵᠢᠯ ᠤᠨ ᠤᠬᠠᠭᠠᠨᠲᠠᠨ ᠨᠢ ᠴᠤ ᠭᠡᠳ ᠪᠦᠷ ᠯᠠ ᠨᠢᠭᠡᠳᠤᠭᠡᠷ ᠲᠡᠰ ᠤᠨ | ᠪᠤᠰᠤ ᠰᠤᠷᠤᠭᠴᠢ ᠶᠢ ᠬᠥᠮᠤᠵᠢᠭᠦᠯᠦᠭᠡᠳ ᠠᠮᠵᠢᠯᠲᠠ ᠤᠯᠤᠭᠰᠠᠨ ᠢᠶᠠᠷ ᠢᠶᠠᠨ ᠥᠨᠡᠩᠬᠦ ᠰᠤᠷᠭᠠᠨ ᠬᠦᠮᠤᠵᠢᠯ ᠤᠨ ᠤᠬᠠᠭᠠᠨᠲᠠᠨ ᠪᠤᠯᠤᠭᠰᠠᠨ ᠪᠠᠶᠢᠳᠠᠭ ᠶᠤᠮ᠃ | ⒍ ᠥᠨᠤᠳᠤᠷ ᠤᠨ ᠬᠢᠴᠢᠶᠡᠯ ᠤᠨ ᠲᠠᠩᠬᠢᠮ ᠤᠨ ᠵᠢᠭᠠᠨ ᠰᠤᠷᠭᠠᠯᠲᠠ ᠳᠤ ᠤᠷᠤᠰᠢᠵᠤ ᠪᠠᠶᠢᠭ᠎ᠠ ᠬᠠᠮᠤᠭ ᠤᠨ ᠲᠤᠯᠤᠭᠠᠢ ᠡᠪᠡᠳᠬᠡᠳᠡᠭ ᠠᠰᠠᠭᠤᠳᠠᠯ ᠪᠤᠯ | ᠰᠤᠷᠤᠭᠴᠢ ᠠᠰᠠᠭᠤᠯᠲᠠ ᠳᠤᠷᠠᠳᠬᠤ ᠦᠭᠡᠢ ᠶᠠᠪᠤᠳᠠᠯ ᠪᠤᠯᠤᠨ᠎ᠠ᠃ ᠬᠡᠷᠪᠡ ᠰᠤᠷᠤᠭᠴᠢ ᠠᠰᠠᠭᠤᠯᠲᠠ ᠳᠤᠷᠠᠳᠬᠤ ᠳᠤ ᠬᠦᠷᠪᠡᠯ ᠳᠤᠷᠠᠳᠤᠭᠰᠠᠨ ᠠᠰᠠᠭᠤᠳᠠᠯ ᠤᠨ ᠬᠢᠨᠢ | ᠵᠥᠪ ᠤᠨᠤᠪᠴᠢᠲᠤ ᠴᠢᠨᠠᠷ᠂ ᠯᠤᠭᠢᠭᠴᠢ ᠴᠢᠨᠠᠷ ᠢ ᠨᠢ ᠭᠤᠤᠯᠳᠠᠯᠭ᠎ᠠ ᠪᠤᠯᠭᠠᠬᠤ ᠪᠢᠰᠢ᠂ ᠬᠠᠷᠢᠨ ᠳᠤᠷᠠᠳᠤᠭᠰᠠᠨ ᠠᠰᠠᠭᠤᠳᠠᠯ ᠤᠨ ᠬᠢᠨᠢ ᠥᠪᠡᠷᠮᠢᠴᠡ ᠴᠢᠨᠠᠷ ᠪᠤᠯᠤᠨ | ᠪᠦᠲᠦᠭᠡᠯᠴᠢ ᠴᠢᠨᠠᠷ ᠨᠢ ᠰᠠᠶ᠋ᠢ ᠥᠷᠲᠡᠭ ᠲᠠᠢ ᠵᠦᠢᠯ ᠪᠤᠯᠤᠨ᠎ᠠ᠃ ᠳᠤᠮᠳᠠᠳᠤ ᠤᠯᠤᠰ ᠤᠨ ᠰᠤᠷᠭᠠᠨ ᠬᠥᠮᠤᠵᠢᠯ ᠤᠨ ᠠᠮᠵᠢᠯᠲᠠ ᠤᠯᠤᠭᠰᠠᠨ ᠡᠰᠡᠬᠦ ᠶᠢ ᠬᠡᠮᠵᠢᠬᠦ | ᠪᠠᠷᠢᠮᠵᠢᠶ᠎ᠠ ᠨᠢ ᠪᠤᠯ ᠠᠰᠠᠭᠤᠯᠲᠠ ᠲᠠᠢ ᠰᠤᠷᠤᠭᠴᠢ ᠶᠢ ᠠᠰᠠᠭᠤᠯᠲᠠ ᠥᠭᠡᠢ ᠪᠤᠯᠭᠠᠲᠠᠯᠠ ᠵᠢᠭᠠᠨ ᠰᠤᠷᠭᠠᠨ᠎ᠠ᠃ ᠲᠡᠶᠢᠮᠤ ᠠᠴᠠ ᠳᠤᠮᠳᠠᠳᠤ ᠶᠢᠨ ᠰᠤᠷᠤᠭᠴᠢ ᠶᠢᠨ | ᠠᠩᠬᠢ ᠤᠨ ᠨᠢ ᠤᠯᠠᠮ ᠦᠨᠳᠤᠷᠵᠢᠬᠦ ᠶᠢ ᠳᠠᠭᠠᠯᠳᠤᠨ ᠠᠰᠠᠭᠤᠯᠲᠠ ᠨᠢ ᠤᠯᠠᠮ ᠴᠥᠭᠡᠷᠡᠳᠡᠭ᠃ ᠬᠡᠲᠡᠯ᠎ᠡ ᠠᠮᠧᠷᠢᠺᠠ ᠶᠢᠨ ᠰᠤᠷᠭᠠᠨ ᠬᠥᠮᠤᠵᠢᠯ ᠤᠨ ᠠᠮᠵᠢᠯᠲᠠ | ᠤᠯᠤᠭᠰᠠᠨ ᠡᠰᠡᠬᠦ ᠶᠢ ᠬᠡᠮᠵᠢᠬᠦ ᠪᠠᠷᠢᠮᠵᠢᠶ᠎ᠠ ᠨᠢ ᠠᠰᠠᠭᠤᠯᠲᠠ ᠦᠭᠡᠢ ᠰᠤᠷᠤᠭᠴᠢ ᠶᠢ ᠵᠢᠭᠠᠨ ᠰᠤᠷᠭᠠᠭᠠᠳ ᠠᠰᠠᠭᠤᠯᠲᠠ ᠶᠢ ᠲᠠᠰᠤᠷᠠᠯᠲᠠ ᠦᠭᠡᠢ ᠢᠯᠡᠷᠡᠭᠦᠯᠵᠤ | ᠴᠢᠳᠠᠬᠤ ᠳᠤ ᠬᠦᠷᠦᠭᠦᠯᠳᠡᠭ ᠪᠠᠶᠢᠨ᠎ᠠ᠃ ᠰᠤᠷᠤᠭᠴᠢ ᠶᠢᠨ ᠳᠤᠷᠠᠳᠤᠭᠰᠠᠨ ᠠᠰᠠᠭᠤᠯᠲᠠ ᠶᠢ ᠪᠠᠭᠰᠢ ᠴᠤ ᠵᠠᠷᠢᠮ ᠳᠤ ᠪᠠᠨ ᠬᠠᠷᠢᠭᠤᠯᠵᠤ ᠳᠡᠶᠢᠯᠬᠦ ᠦᠭᠡᠢ ᠪᠤᠯᠭᠠᠬᠤ ᠳᠤ | ᠬᠦᠷᠪᠡᠯ ᠡᠨᠡ ᠰᠠᠶ᠋ᠢ ᠠᠮᠵᠢᠯᠲᠠ ᠤᠯᠤᠭᠰᠠᠨ ᠳᠤ ᠲᠤᠭᠠᠴᠠᠭᠳᠠᠨ᠎ᠠ᠃ ᠲᠡᠶᠢᠮᠤ ᠠᠴᠠ ᠠᠮᠧᠷᠢᠺᠠ ᠶᠢᠨ ᠰᠤᠷᠤᠭᠴᠢᠳ ᠠᠩᠬᠢ ᠤᠨ ᠨᠢ ᠤᠯᠠᠮ ᠦᠨᠳᠤᠷᠵᠢᠬᠦ ᠶᠢ | ᠳᠠᠭᠠᠯᠳᠤᠨ ᠤᠯᠠᠮ ᠡᠲᠡᠭᠡᠳ ᠰᠤᠨᠢᠨ ᠵᠦᠢᠯ ᠢ ᠰᠠᠨᠠᠵᠤ ᠤᠯᠳᠠᠭ ᠠᠴᠠ ᠡᠭᠦᠳᠤᠨ ᠪᠥᠲᠦᠭᠡᠬᠦ ᠶᠢᠨ ᠤᠬᠠᠮᠰᠠᠷ ᠪᠠᠶᠠᠯᠢᠭ ᠪᠤᠯᠳᠠᠭ ᠪᠠᠶᠢᠨ᠎ᠠ᠃ | ⒎ ᠪᠠᠭᠰᠢ ᠪᠤᠯ ᠰᠤᠷᠭᠠᠨ ᠬᠦᠮᠤᠵᠢᠯ ᠤᠨ ᠬᠠᠷᠠᠯᠲᠠ ᠶᠢ ᠪᠡᠶᠡᠯᠡᠭᠦᠯᠦᠭᠴᠢ᠂ ᠵᠢᠭᠠᠨ ᠰᠤᠷᠭᠠᠬᠤ ᠠᠵᠢᠯᠯᠠᠭᠠᠨ ᠢ ᠵᠢᠯᠤᠭᠤᠳᠤᠭᠴᠢ ᠪᠠ ᠵᠢᠭᠠᠨ ᠰᠤᠷᠭᠠᠬᠤ | ᠠᠷᠭ᠎ᠠ ᠶᠢ ᠰᠥᠪᠡᠭᠴᠢᠯᠡᠭᠴᠢ ᠮᠥᠨ᠃ ᠲᠡᠶᠢᠮᠤ ᠠᠴᠠ ᠪᠠᠭᠰᠢ ᠬᠢᠴᠢᠶᠡᠯ ᠤᠨ ᠲᠠᠩᠬᠢᠮ ᠤᠨ ᠵᠢᠭᠠᠨ ᠰᠤᠷᠭᠠᠯᠲᠠ ᠳᠤᠮᠳᠠ ᠥᠪᠡᠷ ᠤᠨ ᠵᠢᠯᠤᠭᠤᠳᠤᠯᠭ᠎ᠠ ᠶᠢᠨ ᠴᠢᠨᠠᠷᠲᠡᠢ | ᠰᠠᠨᠠᠯ ᠢᠶᠠᠨ ᠳᠤᠷᠠᠳᠬᠤ ᠪᠠᠷ ᠶᠠᠭᠠᠷᠠᠵᠤ ᠪᠤᠯᠬᠤ ᠦᠭᠡᠢ᠂ ᠬᠠᠷᠢᠨ ᠤᠷᠢᠳᠠᠪᠠᠷ ᠰᠤᠷᠤᠭᠴᠢ ᠶᠢᠨ ᠡᠯ᠎ᠡ ᠵᠦᠢᠯ ᠤᠨ ᠰᠠᠨᠠᠯ ᠢ ᠠᠩᠬᠠᠷᠤᠯ ᠲᠠᠯᠪᠢᠨ ᠰᠤᠨᠤᠰᠬᠤ ᠬᠡᠷᠡᠭᠲᠡᠢ | ᠃ ᠪᠠᠭᠰᠢ ᠥᠪᠡᠷ ᠤᠨ ᠵᠤᠭᠰᠤᠯᠲᠠ ᠪᠠᠨ ᠠᠯᠪᠠ ᠪᠠᠷ ᠰᠤᠷᠤᠭᠴᠢ ᠶᠢ ᠬᠦᠯᠢᠶᠡᠨ ᠠᠪᠤᠭᠤᠯᠬᠤ ᠪᠠᠷ ᠤᠷᠤᠯᠳᠤᠵᠤ ᠪᠤᠯᠬᠤ ᠦᠭᠡᠢ᠂ ᠬᠠᠷᠢᠨ ᠰᠤᠷᠤᠭᠴᠢ ᠶᠢᠨ | ᠥᠪᠡᠷ ᠤᠨ ᠦᠵᠡᠯᠲᠡ ᠪᠠᠨ ᠳᠤᠷᠠᠳᠴᠤ ᠭᠠᠷᠭᠠᠬᠤ ᠶᠢ ᠵᠤᠷᠢᠭᠵᠢᠭᠤᠯᠬᠤ ᠬᠡᠷᠡᠭᠲᠡᠢ᠃ ᠰᠤᠷᠤᠭᠴᠢ ᠶᠢᠨ ᠢᠯᠡ ᠳᠤᠳᠤ ᠥᠪᠡᠷᠮᠢᠴᠡ ᠴᠢᠨᠠᠷ ᠢ ᠪᠥᠬᠦᠯᠢ ᠳᠤ ᠨᠢ | ᠦᠭᠡᠶᠢᠰᠬᠡᠬᠦ ᠪᠤᠶᠤ ᠥᠩᠭᠡᠷᠡᠤ ᠮᠠᠭᠲᠠᠵᠤ ᠪᠤᠯᠬᠤ ᠦᠭᠡᠢ᠂ ᠬᠠᠷᠢᠨ ᠰᠤᠷᠤᠭᠴᠢ ᠶᠢᠨ ᠢᠯᠡ ᠲᠤᠳᠤ ᠥᠪᠡᠷᠮᠢᠴᠡ ᠴᠢᠨᠠᠷ ᠢ ᠵᠥᠪ ᠤᠨᠤᠪᠴᠢᠲᠡᠢ ᠲᠡᠶᠢᠰᠢ ᠪᠠᠨ | ᠬᠥᠭᠵᠢᠭᠦᠯᠬᠦ ᠳᠤ ᠵᠢᠯᠤᠭᠤᠳᠤᠯᠭ᠎ᠠ ᠬᠢᠨ᠎ᠡ᠃ | ⒏ ᠰᠤᠷᠭᠠᠨ ᠬᠥᠮᠤᠵᠢᠯ ᠤᠨ ᠢᠯᠠᠭᠳᠠᠭᠰᠠᠨ ᠡᠰᠡᠬᠦ ᠶᠢ ᠬᠡᠮᠵᠢᠬᠦ ᠪᠠᠷᠢᠮᠵᠢᠶ᠎ᠠ ᠨᠢ ᠦᠨᠡᠨ ᠳᠤ ᠪᠠᠨ ᠲᠤᠩ ᠳᠥᠭᠦᠮᠬᠡᠨ ᠪᠤᠯᠡᠢ᠃ ᠭᠠᠭᠴᠠᠬᠦ ᠰᠤᠷᠤᠭᠴᠢ | ᠰᠤᠷᠬᠤ ᠪᠠᠷ ᠳᠠᠮᠵᠢᠭᠠᠳ ᠰᠤᠷᠤᠯᠴᠠᠯᠭ᠎ᠠ ᠳᠤ ᠪᠠᠨ ᠨᠡᠩ ᠬᠠᠶᠢᠷ᠎ᠠ ᠲᠠᠢ ᠪᠤᠯᠤᠭᠰᠠᠨ ᠶᠤᠮ ᠤᠤ ᠡᠰᠡᠬᠦᠯ᠎ᠡ ᠵᠢᠭᠰᠢᠬᠦ ᠪᠤᠯᠤᠭᠰᠠᠨ ᠶᠤᠮ ᠤᠤ ᠭᠡᠳᠡᠭ ᠢ ᠦᠵᠡᠪᠡᠯ | ᠮᠡᠳᠡᠴᠢᠬᠡᠨ᠎ᠡ᠃ | ⒐ ᠠᠮᠵᠢᠯᠲᠠ ᠲᠠᠢ ᠵᠢᠭᠠᠨ ᠰᠤᠷᠭᠠᠯᠲᠠ ᠭᠡᠳᠡᠭ ᠨᠢ ᠰᠤᠷᠤᠭᠴᠢᠳ ᠠᠳᠠᠯᠢ ᠪᠤᠰᠤ ᠶᠢᠨ ᠠᠰᠠᠭᠤᠯᠲᠠ ᠶᠢ ᠡᠪᠤᠷᠯᠡᠵᠤ ᠬᠢᠴᠢᠶᠡᠯ ᠤᠨ ᠲᠠᠩᠬᠢᠮ ᠳᠤ ᠤᠷᠤᠵᠤ | ᠰᠤᠷᠤᠯᠴᠠᠭᠰᠠᠨ ᠤ ᠳᠠᠷᠠᠭ᠎ᠠ᠂ ᠨᠡᠩ ᠳᠡᠭᠡᠳᠤ ᠨᠢᠭᠡᠨ ᠲᠡᠭᠲᠡᠷ ᠳᠡᠭᠡᠷ᠎ᠡ ᠠᠴᠠ ᠠᠳᠠᠯᠢ ᠪᠤᠰᠤ ᠶᠢᠨ ᠰᠢᠨ᠎ᠡ ᠠᠰᠠᠭᠤᠯᠲᠠ ᠶᠢ ᠪᠤᠢ ᠪᠤᠯᠭᠠᠭᠰᠠᠨ ᠪᠠᠶᠢᠬᠤ ᠶᠤᠰᠤᠲᠠᠢ᠃ | ⒑ ᠪᠠᠭᠰᠢ ᠪᠤᠯᠤᠭᠰᠠᠳ ᠬᠢᠴᠢᠶᠡᠯ ᠤᠨ ᠲᠠᠩᠬᠢᠮ ᠳᠤ ᠥᠪᠡᠷ ᠢ ᠪᠠᠨ ᠢᠯᠡᠷᠡᠭᠦᠯᠬᠦ ᠬᠥᠰᠡᠯ ᠢᠶᠠᠨ ᠬᠢᠵᠠᠭᠠᠷᠯᠠᠬᠤ ᠬᠡᠷᠡᠭᠲᠡᠢ᠃ ᠵᠥᠪᠬᠡᠨ ᠢᠩᠬᠢᠮᠡᠨᠵᠢᠨ ᠰᠠᠶ᠋ᠢ | ᠰᠤᠷᠤᠭᠴᠢ ᠳᠤ ᠨᠡᠩ ᠢᠯᠡᠭᠦᠤ ᠥᠪᠡᠷ ᠢ ᠪᠠᠨ ᠢᠯᠡᠷᠡᠭᠦᠯᠬᠦ ᠲᠤᠬᠢᠶᠠᠯ ᠪᠠ ᠰᠡᠳᠬᠢᠨ ᠪᠤᠳᠤᠯᠬᠢᠯᠠᠬᠤ ᠴᠠᠭ ᠤᠯᠭᠤᠵᠤ ᠴᠢᠳᠠᠬᠤ ᠪᠤᠯᠤᠨ᠎ᠠ᠃ ᠤᠳᠤᠬᠠᠨ ᠤ | ᠰᠤᠷᠤᠭᠴᠢ ᠶᠢᠨ ᠬᠢᠴᠢᠶᠡᠯ ᠤᠨ ᠲᠠᠩᠬᠢᠮ ᠳᠤ ᠲᠤᠲᠠᠭᠲᠠᠵᠤ ᠪᠠᠶᠢᠬᠤ ᠨᠢ ᠳᠠᠷᠤᠢ ᠳᠡᠭᠡᠷᠡᠬᠢ ᠬᠤᠶᠠᠷ ᠵᠦᠢᠯ ᠪᠤᠯᠤᠨ᠎ᠠ᠃ | | |