ᠤᠯᠠᠨ ᠤ ᠮᠡᠳᠡᠭᠡᠵᠢ ᠪᠠᠷ᠂ ᠦᠷᠭᠦᠯᠵᠢ ᠰᠤᠳᠠ ᠲᠠᠢ ᠤᠰᠤ᠂ ᠰᠢᠬᠢᠷ ᠢᠳᠡᠭᠦ ᠨᠢ ᠰᠢᠳᠦ ᠶᠢ ᠬᠤᠷᠤᠬᠠᠶᠢᠢᠳᠤᠭᠤᠯᠤᠨᠠ᠃ ᠡᠭᠦᠨ ᠠᠴᠠ ᠭᠠᠳᠠᠨ᠎ᠠ ᠶᠠᠮᠠᠷ ᠶᠠᠮᠠᠷ | ᠲᠠᠳᠬᠠᠯ ᠨᠢ ᠪᠢᠳᠡᠨ ᠤ ᠰᠢᠳᠦ ᠶᠢ ᠢᠳᠡᠭᠳᠡᠭᠦᠯᠳᠡᠭ ᠪᠤᠯ︖ | 1. ᠬᠦᠴᠢᠯᠲᠦ᠋ᠷᠦᠭᠴᠢᠲᠦ ᠬᠦᠳᠡᠯᠭᠡᠭᠡᠨ᠃ ᠤᠷᠲᠦ ᠬᠤᠭᠤᠴᠠᠭ᠎ᠠ ᠬᠦᠴᠢᠯᠲᠦ᠋ᠷᠦᠭᠴᠢᠲᠦ ᠬᠦᠳᠡᠯᠭᠡᠭᠡᠨ ᠬᠢᠬᠦ ᠨᠢ ᠲᠠᠨ ᠤ ᠴᠠᠰᠦ ᠴᠠᠭᠠᠨ ᠰᠢᠳᠦ ᠶᠢ | ᠢᠳᠡᠭᠳᠡᠭᠦᠯᠦᠨᠡ᠃ ᠭᠧᠷᠮᠠᠨ ᠤ ᠨᠢᠭᠡᠨ ᠰᠢᠨ᠎ᠡ ᠰᠤᠳᠤᠯᠭᠠᠨ ᠳᠤ᠂ ᠲᠠᠮᠢᠷᠴᠢᠨ ᠪᠠ ᠲᠠᠮᠢᠷᠴᠢᠨ ᠪᠤᠰᠤ ᠬᠦᠮᠦᠨ ᠤ ᠠᠮᠠᠨ ᠬᠦᠨᠳᠡᠢ ᠶᠢᠨ ᠡᠷᠡᠭᠦᠯ ᠮᠡᠨᠳᠦ ᠶᠢᠨ | ᠪᠠᠶᠢᠳᠠᠯ ᠢ ᠠᠳᠠᠯᠢᠳᠬᠠᠵᠦ ᠦᠵᠡᠭᠰᠡᠨ ᠤ ᠦᠷ᠎ᠡ ᠳ᠋ᠦᠩ ᠳᠤ ᠤᠯᠵᠦ ᠮᠡᠳᠡᠭᠰᠡᠨ ᠨᠢ᠂ ᠲᠠᠮᠢᠷᠴᠢᠨ ᠤ ᠰᠢᠳᠦ ᠨᠢ ᠨᠡᠩ ᠠᠮᠠᠷᠬᠠᠨ ᠬᠤᠷᠤᠬᠠᠶᠢᠢᠳᠤᠵᠦ᠂ ᠰᠢᠳᠦᠨ ᠤ | ᠹᠠᠯᠠᠨ ᠡᠳ᠋ ᠨᠢ ᠠᠭᠠᠵᠢᠮ ᠢᠶᠠᠷ ᠠᠷᠢᠯᠤᠨ᠎ᠠ᠃ ᠪᠤᠯᠪᠠᠰᠤᠷᠠᠯ ᠤᠨ ᠬᠤᠭᠤᠴᠠᠭ᠎ᠠ ᠨᠢ ᠬᠡᠳᠦ ᠤᠷᠲᠦ ᠪᠤᠯ ᠰᠢᠳᠦᠨ ᠤ ᠢᠳᠡᠭᠳᠡᠭᠰᠡᠨ ᠬᠡᠮᠵᠢᠶ᠎ᠡ ᠨᠢ ᠲᠡᠳᠦᠢ ᠬᠦᠨᠳᠦ | ᠨᠤᠴᠢᠲᠠᠢ ᠪᠠᠶᠢᠳᠠᠭ᠃ ᠡᠷᠡᠭᠲᠠᠢ ᠶᠢᠨ ᠰᠢᠳᠦᠨ ᠰᠠᠯᠠᠭᠠᠨ ᠤ ᠡᠷᠡᠭᠦᠯ ᠡᠩᠭᠡ ᠶᠢᠨ ᠵᠦᠪᠯᠡᠭᠴᠢ ᠮᠠᠺᠧ · ᠸᠧᠷᠹᠦ᠋ ᠳ᠋ᠤᠺᠲ᠋ᠤᠷ ᠲᠠᠶᠢᠯᠪᠤᠷᠢᠯᠠᠭᠰᠠᠨ ᠨᠢ᠂ ᠡᠨᠡ ᠨᠢ | ᠬᠦᠳᠡᠯᠭᠡᠭᠡᠨ ᠬᠢᠬᠦ ᠨᠢ ᠠᠮᠠᠨ ᠬᠦᠨᠳᠡᠢ ᠶᠢᠨ ᠰᠢᠯᠦᠰᠦ ᠶᠢ ᠪᠠᠭᠠᠰᠬᠠᠭᠰᠠᠨ ᠠᠴᠠ ᠪᠤᠯᠵᠠᠢ᠃ ᠰᠢᠯᠦᠰᠦᠨ ᠲᠤᠲᠤᠷ᠎ᠠ ᠡᠯ᠎ᠡ ᠵᠦᠢᠯ ᠤᠨ ᠡᠷᠦᠳᠡᠰᠦᠨ ᠪᠤᠳᠠᠰ | ᠠᠭᠤᠯᠤᠭᠳᠠᠵᠦ᠂ ᠰᠢᠳᠦ ᠶᠢ ᠬᠦᠴᠢᠯ ᠳᠤ ᠡᠯᠡᠭᠳᠡᠵᠦ ᠪᠠᠷᠠᠬᠤ ᠪᠠ ᠢᠳᠡᠭᠳᠡᠬᠦ ᠠᠴᠠ ᠬᠠᠮᠠᠭᠠᠯᠠᠨ᠎ᠠ᠃ ᠨᠡᠩ ᠴᠢᠬᠤᠯᠠ ᠨᠢ᠂ ᠪᠤᠯᠪᠠᠰᠤᠷᠠᠯ ᠤᠨ ᠦᠶᠡᠰ ᠰᠢᠬᠢᠷ | ᠠᠭᠤᠯᠤᠭᠳᠠᠬᠤ ᠲᠠᠮᠢᠷ ᠤᠨ ᠤᠮᠳᠠᠭᠠᠨ ᠪᠠ ᠬᠦᠴᠢᠯᠯᠢᠭ ᠤᠮᠳᠠᠭᠠᠨ ᠨᠢ ᠰᠢᠳᠦ ᠶᠢ ᠬᠤᠷᠤᠬᠠᠶᠢᠢᠳᠤᠭᠤᠯᠤᠨᠠ᠃ ᠠᠷᠭ᠎ᠠ ᠠᠪᠴᠠᠯ᠄ ᠲᠤᠷᠰᠢᠯᠭ᠎ᠠ ᠦᠯᠡᠮᠵᠢ ᠰᠢᠳᠦᠨ | ᠰᠠᠯᠠᠭᠠᠨ ᠤ ᠡᠮᠴᠢ ᠨᠢᠯᠢᠶᠠ · ᠫᠦᠷᠦ᠋ᠢᠰ ᠰᠠᠨᠠᠭᠤᠯᠤᠭᠰᠠᠨ ᠨᠢ᠂ ᠬᠦᠳᠡᠯᠭᠡᠭᠡᠨ ᠠᠴᠠ ᠡᠮᠦᠨ᠎ᠡ ᠰᠢᠳᠦ ᠪᠠᠨ ᠱᠤᠸᠠᠰᠠᠳᠠᠨ᠎ᠠ᠂ ᠬᠦᠳᠡᠯᠭᠡᠭᠡᠨ ᠤ ᠲᠠᠷᠠᠭ᠎ᠠ ᠠᠮᠠ ᠪᠠᠨ | ᠵᠠᠶᠢᠯᠬᠤ ᠨᠢ ᠰᠢᠳᠦᠨ ᠪᠠᠺᠲ᠋ᠧᠷᠢ ᠶᠢ ᠪᠦᠲᠦᠮᠵᠢᠲᠠᠢ ᠡᠰᠡᠷᠭᠦᠴᠡᠵᠦ᠂ ᠰᠢᠳᠦ ᠬᠤᠷᠤᠬᠠᠶᠢᠢᠳᠤᠬᠤ ᠶᠢ ᠪᠠᠭᠠᠰᠬᠠᠵᠦ ᠲᠡᠶᠢᠯᠦᠨ᠎ᠡ᠃ ᠡᠭᠦᠨ ᠠᠴᠠ ᠭᠠᠳᠠᠨ᠎ᠠ᠂ ᠰᠢᠬᠢᠷ | ᠠᠭᠤᠯᠤᠭᠳᠠᠬᠤ ᠦᠭᠡᠢ ᠵᠠᠵᠢᠯᠤᠭᠤᠷ ᠰᠢᠬᠢᠷ ᠢᠳᠡᠬᠦ ᠨᠢ ᠰᠢᠯᠦᠰᠦᠨ ᠤ ᠰᠢᠭᠦᠷᠡᠯ ᠢ ᠨᠡᠮᠡᠭᠳᠡᠭᠦᠯᠵᠦ ᠪᠤᠯᠤᠨ᠎ᠠ᠃ | 2. ᠬᠦᠨᠳᠦ ᠡᠷᠭᠦᠭᠦ᠃ ᠸᠡᠷᠹᠦ᠋ ᠬᠡᠯᠡᠭᠰᠡᠨ ᠨᠢ᠂ ᠲᠠ ᠰᠢᠳᠦ ᠪᠠᠨ ᠲᠠᠰᠦ ᠵᠠᠭᠤᠨ ᠬᠦᠨᠳᠦ ᠶᠢ ᠡᠷᠭᠦᠬᠦ ᠦᠶᠡᠰ ᠴᠢᠰᠤᠨ ᠤ ᠡᠷᠭᠢᠯᠲᠡ ᠶᠢ ᠲᠦᠷᠭᠡᠳᠬᠡᠬᠦ ᠪᠠᠷ | ᠪᠠᠷᠠᠬᠤ ᠦᠭᠡᠢ ᠪᠠᠰᠠ ᠰᠢᠳᠦ ᠶᠢ ᠡᠯᠡᠭᠳᠡᠭᠦᠯᠬᠦ ᠪᠤᠯᠤᠯᠴᠠᠭ᠎ᠠ ᠲᠠᠢ ᠪᠠᠶᠢᠵᠦ᠂ ᠡᠷᠡᠤ ᠦᠷᠭᠦᠯᠵᠢᠯᠡᠯ ᠴᠢᠨᠠᠷᠲᠠᠢ ᠡᠪᠡᠳᠦᠨ᠎ᠡ᠃ ᠠᠷᠭ᠎ᠠ ᠠᠪᠴᠠᠯ᠄ ᠬᠡᠷᠪᠡ ᠴᠢ | ᠰᠢᠳᠦ ᠪᠠᠨ ᠨᠡᠶᠢᠯᠡᠭᠦᠯᠵᠦ ᠵᠠᠭᠤᠬᠤ ᠳᠤ ᠬᠦᠴᠢᠷᠳᠡᠵᠦ ᠪᠠᠶᠢᠪᠠᠯ᠂ ᠰᠢᠳᠦ ᠶᠢ ᠬᠠᠮᠠᠭᠠᠯᠠᠬᠤ ᠪᠠᠭᠠᠵᠢ ᠵᠡᠭᠦᠵᠦ ᠪᠤᠯᠤᠨ᠎ᠠ᠃ ᠲᠠᠮᠢᠷ ᠤᠨ ᠬᠡᠷᠡᠭᠰᠡᠯ ᠤᠨ ᠲᠡᠯᠭᠡᠭᠦᠷ ᠪᠠ | ᠡᠮ ᠤᠨ ᠲᠡᠯᠭᠡᠭᠦᠷ ᠠᠴᠠ ᠰᠢᠳᠦ ᠵᠦᠭᠰᠢᠷᠡᠭᠦᠯᠬᠦ ᠲᠤᠨᠤᠭ ᠬᠤᠳᠠᠯᠳᠤᠨ ᠠᠪᠬᠤ ᠪᠤᠶᠤ ᠰᠢᠳᠦᠨ ᠡᠮᠴᠢ ᠪᠠᠷ ᠪᠡᠶ᠎ᠡ ᠳᠡᠭᠡᠨ ᠲᠤᠬᠢᠷᠠᠭᠰᠠᠨ ᠰᠢᠳᠦ ᠵᠦᠭᠰᠢᠷᠡᠭᠦᠯᠬᠦ | ᠲᠤᠨᠤᠭ ᠬᠢᠯᠭᠡᠵᠦ ᠪᠤᠯᠤᠨ᠎ᠠ᠃ | 3. ᠡᠮ ᠤᠨ ᠰᠢᠯᠳᠠᠭᠠᠠ᠃ ᠠᠮᠧᠷᠢᠺᠡ ᠶᠢᠨ ᠰᠢᠳᠦᠨ ᠡᠮᠨᠡᠯᠭᠡ ᠶᠢᠨ ᠨᠡᠶᠢᠭᠡᠮᠯᠢᠭ ᠤᠨ ᠵᠦᠪᠯᠡᠭᠴᠢ ᠠᠶᠢᠳᠧᠮᠡᠩᠬᠤᠶᠢᠢᠫᠦ᠋ ᠢᠯᠡᠷᠭᠡᠶᠢᠯᠡᠭᠰᠡᠨ ᠨᠢ᠂ ᠬᠠᠷᠰᠢᠮᠠᠲᠠᠭᠠᠢ | ᠴᠢᠨᠠᠷ᠂ ᠭᠠᠨᠭ᠍ᠰᠠᠷᠠᠬᠤ ᠭᠡᠮ᠂ ᠵᠢᠷᠦᠭᠡ ᠴᠢᠰᠤᠨ ᠰᠤᠳᠠᠯ ᠤᠨ ᠡᠪᠡᠳᠴᠢᠨ᠂ ᠴᠢᠰᠤᠨ ᠲᠠᠷᠤᠯᠲᠠ ᠶᠢ ᠵᠠᠰᠠᠬᠤ ᠡᠮ ᠨᠢ ᠠᠮᠠ ᠬᠠᠳᠠᠬᠤ ᠢᠯᠡᠷᠡᠯ ᠡᠭᠦᠰᠭᠡᠨ᠎ᠡ᠂ ᠲᠡᠶᠢᠮᠦ | ᠶᠡᠭᠡ ᠡᠰᠡᠷᠭᠦ ᠦᠢᠯᠡᠳᠦᠯ ᠪᠠᠶᠢᠬᠤ ᠦᠭᠡᠢ ᠪᠠᠶᠢᠵᠦ ᠮᠠᠭᠠᠳ᠂ ᠭᠡᠳᠡᠯ᠎ᠡ ᠰᠢᠳᠦ ᠶᠢ ᠬᠦᠨᠳᠦ ᠨᠤᠴᠢᠲᠠᠢ ᠨᠦᠯᠦᠭᠡᠯᠡᠳᠡᠭ᠂ ᠤᠴᠢᠷ ᠨᠢ ᠰᠢᠳᠦ ᠨᠢ ᠰᠢᠯᠦᠰᠦ ᠶᠢ | ᠭᠡᠷᠡᠭᠰᠡᠨ ᠬᠦᠴᠢᠯ ᠳᠤ ᠢᠳᠡᠭᠳᠡᠬᠦ ᠠᠴᠠ ᠰᠡᠷᠭᠡᠶᠢᠯᠡᠨ᠎ᠡ᠃ ︽ᠬᠡᠷᠪᠡ ᠴᠢ ᠬᠦᠢᠴᠡᠳ ᠬᠡᠮᠵᠢᠶᠡᠨ ᠤ ᠰᠢᠯᠦᠰᠦ ᠦᠭᠡᠢ ᠦᠶᠡᠰ᠂ ᠴᠢᠨᠦ ᠰᠢᠳᠦ ᠬᠡᠳᠦᠨ ᠰᠠᠷ᠎ᠠ ᠶᠢᠨ | ᠲᠤᠲᠤᠷ᠎ᠠ ᠡᠪᠳᠡᠭᠳᠡᠨ᠎ᠡ︾᠃ ᠠᠷᠭ᠎ᠠ ᠠᠪᠴᠠᠯ᠄ ᠰᠢᠬᠢᠷ ᠠᠭᠤᠯᠤᠭᠳᠠᠬᠤ ᠦᠭᠡᠢ ᠵᠠᠵᠢᠯᠤᠭᠤᠷ ᠰᠢᠬᠢᠷ ᠢᠳᠡᠬᠦ ᠨᠢ ᠰᠢᠯᠦᠰᠦᠨ ᠤ ᠰᠢᠭᠦᠷᠡᠯ ᠢ ᠨᠡᠮᠡᠭᠳᠡᠭᠦᠯᠵᠦ ᠪᠤᠯᠤᠨ᠎ᠠ᠂ | ᠰᠢᠬᠢᠷ ᠠᠭᠤᠯᠤᠭᠳᠠᠬᠤ ᠪᠠ ᠬᠦᠴᠢᠯᠯᠢᠭ ᠢᠳᠡᠭᠡᠨ ᠲᠤᠳᠠᠭᠤ ᠢᠳᠡᠬᠦ ᠶᠢ ᠰᠠᠨᠠᠭᠤᠯᠤᠶ᠎ᠠ᠃ | 4. ᠬᠤᠳᠤᠭᠤᠳᠤᠨ ᠬᠦᠴᠢᠯ ᠪᠤᠴᠠᠵᠦ ᠤᠷᠤᠰᠬᠤ᠃ ᠬᠤᠳᠤᠭᠤᠳᠤᠨ ᠬᠦᠴᠢᠯ ᠪᠤᠴᠠᠵᠦ ᠤᠷᠤᠰᠬᠤ ᠨᠢ ᠰᠢᠳᠦᠨ ᠳᠤ ᠡᠭᠦᠷᠢᠳᠡ ᠶᠢᠨ ᠴᠢᠨᠠᠷᠲᠠᠢ ᠬᠦᠨᠦᠭᠡᠯ | ᠤᠴᠠᠷᠠᠭᠤᠯᠤᠨ᠎ᠠ᠃ ᠰᠢᠩᠭᠡᠭᠡᠯᠲᠡ ᠶᠢᠨ ᠰᠢᠰᠲ᠋ᠧᠮ ᠤᠨ ᠬᠦᠴᠢᠯ ᠨᠢ ᠲᠠᠮᠢᠷ ᠤᠨ ᠤᠮᠳᠠᠭᠠᠨ ᠤ ᠬᠦᠴᠢᠯ ᠠᠴᠠ ᠪᠠᠰᠠ ᠴᠢᠩᠭ᠎ᠠ ᠪᠠᠶᠢᠵᠦ᠂ ᠠᠮᠠᠨ ᠬᠦᠨᠳᠡᠢ ᠶᠢᠨ | ᠰᠢᠳᠦᠨ ᠤ ᠹᠠᠯᠠᠨ ᠡᠳ᠋ ᠢ ᠠᠭᠤᠰᠬᠠᠨ᠎ᠠ᠃ ᠠᠷᠭ᠎ᠠ ᠠᠪᠴᠠᠯ᠄ ᠠᠮᠠᠨ ᠬᠦᠨᠳᠡᠢ ᠶᠢᠨ ᠰᠢᠳᠦ ᠢᠳᠡᠭᠳᠡᠬᠦ ᠳᠤ ᠬᠤᠳᠤᠭᠤᠳᠤᠨ ᠬᠦᠴᠢᠯ ᠪᠤᠴᠠᠵᠦ ᠤᠷᠤᠰᠤᠭᠰᠠᠨ | ᠪᠤᠯᠤᠯᠴᠠᠭ᠎ᠠ ᠬᠠᠮᠤᠭ ᠶᠡᠭᠡ᠃ ᠲᠠᠷᠦ᠋ᠢᠬᠠᠨ ᠡᠮᠨᠡᠯᠭᠡ ᠶᠢᠨ ᠬᠤᠷᠢᠶᠠᠨ ᠳᠤ ᠤᠴᠢᠵᠦ ᠪᠠᠶᠢᠴᠠᠭᠠᠯᠭᠠᠬᠤ ᠬᠡᠷᠡᠭᠲᠠᠢ᠃ | 5. ᠬᠦᠴᠢᠯᠯᠢᠭ ᠢᠳᠡᠭᠡᠨ ᠢᠳᠡᠭᠰᠡᠨ ᠤ ᠲᠠᠷᠠᠭ᠎ᠠ ᠲᠠᠷᠦ᠋ᠢᠬᠠᠨ ᠰᠢᠳᠦ ᠪᠠᠨ ᠱᠤᠸᠠᠰᠠᠳᠠᠬᠤ ᠬᠦᠮᠦᠰ ᠦᠷᠭᠦᠯᠵᠢ ︽ᠪᠤᠳᠠᠭᠠᠨ ᠤ ᠲᠠᠷᠠᠭ᠎ᠠ ᠬᠠᠮᠤᠭ ᠰᠠᠶᠢᠨ ᠨᠢ | ᠰᠢᠳᠦ ᠪᠠᠨ ᠱᠤᠸᠠᠰᠠᠳᠠᠬᠤ︾ ᠰᠢᠳᠦ ᠪᠠᠨ ᠬᠠᠮᠠᠭᠠᠯᠠᠬᠤ ᠰᠠᠨᠠᠭᠤᠯᠭ᠎ᠠ ᠶᠢ ᠤᠯᠵᠦ ᠰᠤᠨᠤᠰᠳᠠᠭ᠂ ᠬᠡᠪᠡᠴᠦ ᠰᠠᠶ᠋ᠢᠬᠠᠨ ᠵᠢᠮᠢᠰ ᠢᠳᠡᠭᠰᠡᠨ᠂ ᠵᠢᠮᠢᠰ ᠤᠨ ᠰᠢᠭᠦᠰᠦ᠂ | ᠲᠠᠮᠢᠷ ᠤᠨ ᠤᠮᠳᠠᠭᠠᠨ᠂ ᠦᠵᠦᠮ ᠤᠨ ᠠᠷᠢᠬᠢ᠂ ᠰᠤᠳᠠ ᠲᠠᠢ ᠤᠰᠤ ᠵᠡᠷᠭᠡ ᠶᠢ ᠤᠤᠭᠤᠵᠦ ᠪᠠᠷᠠᠭᠰᠠᠨ ᠤ ᠲᠠᠷᠠᠭ᠎ᠠ ᠲᠠᠷᠦ᠋ᠢᠬᠠᠨ ᠰᠢᠳᠦ ᠪᠠᠨ ᠱᠤᠸᠠᠰᠠᠳᠠᠪᠠᠯ᠂ | ᠰᠢᠳᠦᠨ ᠤ ᠹᠠᠯᠠᠨ ᠡᠳ᠋ ᠢ ᠪᠠᠭᠤᠷᠠᠭᠤᠯᠵᠦ᠂ ᠰᠢᠳᠦ ᠬᠠᠭᠠᠷᠠᠬᠤ ᠪᠠ ᠰᠢᠳᠦ ᠰᠢᠷᠠᠯᠠᠬᠤ ᠲᠦᠭᠰᠢᠭᠦᠷᠢ ᠶᠢ ᠨᠡᠮᠡᠭᠳᠡᠭᠦᠯᠦᠨ᠎ᠡ᠃ ᠠᠷᠭ᠎ᠠ ᠠᠪᠴᠠᠯ᠄ ᠪᠤᠳᠠᠭᠠᠨ ᠤ ᠲᠠᠷᠠᠭ᠎ᠠ | ᠴᠡᠪᠡᠷ ᠤᠰᠤ ᠪᠠᠷ ᠠᠮᠠ ᠪᠠᠨ ᠵᠠᠶᠢᠯᠵᠦ᠂ 40 ᠮᠢᠨᠦ᠋ᠲ ᠤᠨ ᠲᠠᠷᠠᠭ᠎ᠠ ᠲᠠᠬᠢᠨ ᠰᠢᠳᠦ ᠪᠠᠨ ᠱᠤᠸᠠᠰᠠᠳᠠᠨ᠎ᠠ᠃ | | |