ᠬᠡᠦᠬᠡᠳ ᠤᠨ ᠤᠭᠤᠷᠠᠭ ᠰᠢᠳᠦ ᠬᠤᠷᠣᠬᠠᠶᠢᠲᠤᠬᠤ ᠡᠪᠡᠳᠴᠢᠨ ᠢ ᠤᠮᠳᠤᠭᠠᠶᠢᠯᠠᠵᠤ ᠪᠣᠯᠬᠤ ᠦᠭᠡᠢ
ᠨᠡᠶᠢᠲᠡᠯᠡᠭᠰᠡᠨ ᠴᠠᠭ᠄
2023/12/20
      ᠤᠭᠤᠷᠠᠭ ᠰᠢᠳᠦ ᠶᠢᠨ ᠡᠷᠡᠭᠦᠯ ᠮᠡᠨᠳᠦ ᠨᠢ ᠪᠠᠶᠢᠡᠭᠭᠤ ᠶᠢᠨ ᠰᠢᠳᠦ᠂ ᠠᠮᠠᠨ ᠬᠥᠨᠳᠡᠶ᠂ ᠡᠷᠡᠦ ᠲᠦᠭᠦᠰᠢ ᠶᠢᠨ ᠬᠡᠰᠡᠭ ᠴᠢᠨᠠᠭᠰᠢᠯᠠᠪᠠᠯ ᠪᠦᠬᠦ ᠪᠡᠶ᠎ᠡ ᠶᠢᠨ ᠬᠡᠪ ᠤᠨ ᠪᠤᠶᠢᠵᠢᠯᠲᠠ᠂ ᠠᠪᠢᠶᠠᠯᠠᠬᠤ ᠡᠷᠭᠡᠳᠡᠨ ᠵᠡᠷᠭᠡ ᠳᠤ ᠪᠦᠷ ᠮᠠᠰᠢ ᠴᠢᠬᠤᠯᠠ ᠨᠦᠯᠦᠭᠡ ᠲᠠᠢ ᠪᠠᠶᠢᠳᠠᠭ᠃ ᠰᠢᠳᠦ ᠬᠤᠷᠣᠬᠠᠶᠢᠲᠤᠬᠤ ᠶᠢ ᠰᠡᠷᠭᠡᠶᠢᠯᠡᠬᠦ ᠳᠤ ᠡᠩ ᠲᠡᠷᠢᠭᠦᠨ ᠳᠤ ᠨᠢᠯᠬ᠎ᠠ ᠬᠡᠦᠬᠡᠳ ᠤᠨ ᠠᠮᠠᠨ ᠬᠥᠨᠳᠡᠶ ᠶᠢᠨ ᠠᠷᠢᠭᠤᠨ ᠴᠡᠪᠡᠷ ᠤᠨ ᠳᠠᠳᠬᠠᠯ ᠠᠴᠠ ᠭᠠᠷᠳᠠᠬᠤ ᠬᠡᠷᠡᠭᠲᠡᠶ᠃ ᠨᠢᠯᠬ᠎ᠠ ᠬᠡᠦᠬᠡᠳ ᠤᠨ ᠤᠭᠤᠷᠠᠭ ᠰᠢᠳᠦ ᠭᠠᠷᠬᠤ ᠠᠴᠠ ᠡᠮᠦᠨ᠎ᠡ᠂ ᠭᠡᠷ ᠤᠨ ᠠᠬᠠᠮᠠᠳ ᠨᠢ ᠡᠳᠦᠷ ᠪᠦᠷᠢ ᠬᠡᠦᠬᠡᠳ ᠤᠨ ᠢᠶᠠᠨ ᠠᠮᠠᠨ ᠬᠥᠨᠳᠡᠢ ᠶᠢ ᠴᠡᠪᠡᠷᠯᠡᠵᠦ ᠥᠭᠬᠦ ᠬᠡᠷᠡᠭᠲᠡᠢ᠃ ᠠᠩᠬᠠᠨ ᠤ ᠤᠭᠤᠷᠠᠭ ᠰᠢᠳᠦ ᠨᠢ ᠴᠤᠬᠤᠶᠢᠵᠤ ᠭᠠᠷᠤᠭᠰᠠᠨ ᠤ ᠳᠠᠷᠠᠭ᠎ᠠ᠂ ᠬᠡᠷ ᠤᠨ ᠠᠬᠠᠮᠠᠳ ᠨᠢ ᠪᠠᠺᠲ᠋ᠧᠷᠢ ᠥᠬᠡᠶ ᠱᠠ ᠪᠥᠰ ᠢ ᠹᠢᠽᠢᠣᠯᠣᠭᠢ ᠶᠢᠨ ᠳᠠᠪᠤᠰᠤ ᠲᠠᠢ ᠤᠰᠤ ᠪᠤᠶᠤ ᠪᠤᠴᠠᠯᠤᠭᠰᠠᠨ ᠤᠰᠤᠨ ᠳᠤ ᠳᠦᠷᠦᠵᠦ ᠰᠢᠳᠦ ᠶᠢ ᠵᠦᠯᠬᠦᠵᠦ ᠦᠭᠭᠦ᠂ ᠡᠰᠡᠬᠦᠯ᠎ᠡ ᠬᠤᠷᠤᠭᠤᠨ ᠳᠤ ᠤᠬᠯᠠᠬᠰᠠᠨ ᠲᠤᠰᠬᠠᠶ ᠰᠢᠳᠦᠨ ᠱᠦ᠋ᠧᠠᠰᠠ ᠪᠠᠷ ︽ᠲᠤᠭᠤᠷᠢᠭᠤᠯᠤᠨ ᠱᠦ᠋ᠧᠠᠰᠳᠠᠬᠤ︾ ᠠᠷᠭ᠎ᠠ ᠪᠠᠷ ᠨᠢᠯᠬ᠎ᠠ ᠬᠡᠦᠬᠡᠳ ᠤᠨ ᠢᠶᠠᠨ ᠰᠢᠳᠦ ᠶᠢ ᠱᠦ᠋ᠧᠠᠰᠳᠠᠵᠤ ᠦᠭᠭᠦ ᠶᠢᠨ ᠬᠠᠮᠳᠤ ᠪᠤᠶᠢᠯᠠ ᠶᠢ ᠨᠢ ᠨᠤᠬᠤᠯᠠᠵᠤ ᠥᠭᠴᠦ ᠪᠤᠯᠤᠨ᠎ᠠ᠃ ᠣᠯᠠᠨ ᠤᠭᠤᠷᠠᠭ ᠰᠢᠳᠦ ᠭᠠᠷᠤᠭᠰᠠᠨ ᠤ ᠳᠠᠷᠠᠭ᠎ᠠ᠂ ᠬᠡᠦᠬᠡᠳ ᠤᠨ ᠰᠢᠳᠦᠨ ᠱᠦ᠋ᠧᠠᠰᠠ ᠶᠢ ᠰᠣᠯᠢᠵᠤ ᠠᠳᠠᠯᠢᠬᠠᠨ ᠠᠷᠭ᠎ᠠ ᠪᠠᠷ ᠬᠡᠦᠬᠡᠳ ᠤᠨ ᠢᠶᠠᠨ ᠠᠮᠠᠨ ᠬᠥᠨᠳᠡᠶ ᠶᠢ ᠴᠡᠪᠡᠷᠯᠡᠵᠦ ᠦᠭᠭᠦ ᠬᠡᠷᠡᠭᠲᠡᠶ ᠬᠡᠪᠡ᠃      ᠬᠡᠦᠬᠡᠳ ᠤᠨ ᠠᠷᠠᠭ᠎ᠠ ᠰᠢᠳᠦ ᠰᠣᠶᠣᠭᠠᠯᠠᠨ ᠭᠠᠷᠬᠤ ᠦᠶ᠎ᠡ ᠳᠤ᠂ ᠠᠷᠠᠭ᠎ᠠ ᠰᠢᠳᠦ ᠨᠢ ᠬᠤᠲᠣᠭᠤᠷ ᠭᠦᠳᠦᠭᠦᠷ ᠵᠠᠶ ᠵᠠᠪᠰᠠᠷ ᠲᠠᠢ ᠮᠦᠷᠳᠡᠭᠡᠨ ᠲᠡᠭᠰᠢ ᠦᠭᠡᠢ ᠪᠠᠶᠢᠳᠠᠭ᠂ ᠡᠲᠡᠭᠡᠷ ᠬᠤᠲᠣᠭᠤᠷ ᠭᠦᠳᠦᠭᠦᠷ ᠵᠠᠶ ᠵᠠᠪᠰᠠᠷ ᠤᠨ ᠬᠢᠨᠢ ᠬᠤᠭᠤᠷᠤᠨᠳᠤ ᠪᠠᠺᠲ᠋ᠧᠷᠢ ᠮᠠᠰᠢ ᠠᠮᠠᠷᠬᠠᠨ ᠬᠤᠷᠠᠮᠳᠤᠨ ᠴᠤᠬᠯᠠᠷᠠᠵᠤ ᠪᠠᠶᠢᠳᠠᠭ᠃ ᠰᠢᠳᠦᠨ ᠵᠠᠶ ᠵᠠᠪᠰᠠᠷ ᠢ ᠨᠢ ᠪᠦᠭᠯᠡᠪᠡᠯ ᠭᠡᠦᠭᠡᠳ ᠤᠨ ᠰᠢᠳᠤ ᠬᠤᠷᠣᠬᠠᠶᠢᠲᠤᠬᠤ ᠶᠢ ᠪᠦᠲᠦᠮᠵᠢᠲᠡᠶ ᠰᠡᠷᠭᠡᠶᠢᠯᠡᠵᠦ ᠴᠢᠳᠠᠨ᠎ᠠ᠃ 3 - 5 ᠨᠠᠰᠤᠨ ᠤ ᠦᠶ᠎ᠡ ᠪᠣᠯ ᠬᠡᠦᠬᠡᠳ ᠤᠨ ᠡᠯ᠎ᠡ ᠵᠦᠢᠯ ᠤᠨ ᠰᠢᠳᠦ ᠬᠤᠷᠣᠬᠠᠶᠢᠲᠤᠬᠤ ᠡᠪᠡᠳᠴᠢᠨ ᠣᠯᠠᠨ ᠡᠭᠦᠰᠬᠦ ᠬᠤᠭᠤᠴᠠᠭ᠎ᠠ ᠪᠣᠯᠤᠨ᠎ᠠ᠂ ᠬᠡᠦᠬᠡᠳ ᠤᠨ ᠰᠢᠳᠤᠨ ᠤ ᠵᠠᠢ ᠵᠠᠪᠰᠠᠷ ᠬᠤᠷᠣᠬᠠᠶᠢᠲᠤᠬᠤ ᠠᠴᠠ ᠭᠠᠳᠠᠨ᠎ᠠ᠂ ᠡᠨᠡᠬᠦ ᠬᠤᠭᠤᠴᠠᠭᠠᠨ ᠳᠤ ᠬᠡᠦᠬᠡᠳ ᠤᠨ ᠰᠢᠳᠦᠨ ᠳᠤ ᠬᠤᠪᠢᠷᠠᠯᠳᠠ ᠭᠠᠷᠴᠤ᠂ ᠰᠢᠳᠦ ᠳᠤᠨᠢ ᠵᠠᠪᠰᠠᠷ ᠭᠠᠷᠳᠠᠭ᠂ ᠡᠶᠢᠮᠦ ᠠᠴᠠ ᠢᠳᠡᠭᠡᠨ ᠬᠡᠦᠬᠡᠳ ᠤᠨ ᠰᠢᠳᠦᠨ ᠤ ᠵᠠᠪᠰᠠᠷ ᠳᠤᠨᠢ ᠠᠮᠠᠷᠬᠠᠨ ᠤᠷᠤᠵᠤ᠂ ᠰᠢᠳᠦ ᠶᠢ ᠨᠢ ᠬᠤᠷᠣᠬᠠᠶᠢᠲᠤᠭᠤᠯᠳᠠᠭ᠃ ᠰᠢᠳᠦ ᠬᠤᠷᠣᠬᠠᠶᠢᠲᠤᠬᠤ ᠡᠪᠡᠳᠴᠢᠨ ᠢ ᠡᠷᠳᠡᠭᠡᠨ ᠡᠮᠨᠡᠨ ᠵᠠᠰᠠᠭᠤᠯᠪᠠᠯ ᠴᠠᠭ ᠨᠢ ᠣᠬᠤᠷ᠂ ᠡᠪᠡᠷᠰᠢᠶᠡᠯ ᠨᠢ ᠪᠠᠭ᠎ᠠ᠂ ᠵᠠᠰᠠᠯᠳᠠ ᠠᠪᠬᠤ ᠪᠠᠷ ᠰᠠᠶᠢᠨ ᠪᠠᠶᠢᠳᠠᠭ᠃ ᠬᠡᠷᠪᠡ ᠴᠠᠭ ᠲᠤᠬᠠᠶ ᠳᠤᠨᠢ ᠡᠮᠨᠡᠨ ᠵᠠᠰᠠᠭᠤᠯᠬᠤ ᠦᠭᠡᠢ ᠪᠣᠯ ᠪᠠᠶᠢᠡᠭᠭᠤ ᠶᠢᠨ ᠰᠢᠳᠦᠨ ᠤ ᠪᠤᠶᠢᠵᠢᠯᠲᠠ ᠶᠢ ᠨᠥᠯᠥᠭᠡᠯᠡᠵᠦ᠂ ᠡᠷᠡᠦ ᠶᠠᠰᠤ ᠪᠠ ᠰᠢᠳᠦᠨ ᠤ ᠵᠢᠭᠰᠠᠭᠠᠯᠳᠠ ᠶᠢ ᠨᠦᠯᠦᠭᠡᠯᠡᠬᠦ ᠠᠰᠠᠭᠤᠳᠠᠯ ᠭᠠᠷᠬᠤ ᠶᠢᠨ ᠤᠯᠠᠮ ᠢᠶᠠᠷ ᠬᠡᠦᠬᠡᠳ ᠤᠨ ᠪᠡᠶ᠎ᠡ ᠰᠡᠳᠬᠢᠯ ᠤᠨ ᠡᠷᠡᠭᠦᠯ ᠮᠡᠨᠳᠦ ᠶᠢ ᠨᠦᠯᠦᠭᠡᠯᠡᠬᠦ ᠪᠤᠯᠤᠨ᠎ᠠ ᠬᠡᠵᠦ ᠰᠠᠨᠠᠭᠤᠯᠣᠶ᠎ᠠ᠃ 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ