ᠥᠯᠵᠡᠶᠢᠬᠤᠲᠤᠭ
ᠨᠡᠶᠢᠲᠡᠯᠡᠭᠰᠡᠨ ᠴᠠᠭ᠄
2023/12/20
      ᠥᠯᠵᠡᠶᠢᠬᠤᠲᠤᠭ᠄ ᠮᠣᠩᠭᠤᠯ ᠦᠨᠳᠦᠰᠦᠲᠡᠨ᠂ ᠡᠷᠡᠭᠲᠡᠢ᠂ ᠬᠢᠲᠠᠳ ᠨᠡᠷ᠎ᠡ ᠨᠢ ᠭᠦ᠋ ᠱᠸᠦ ᠱᠠᠨ᠃ 1909 ᠣᠨ ᠳᠤ ᠣᠳᠣ ᠶᠢᠨ ᠣᠲᠤᠭ ᠤᠨ ᠡᠮᠦᠨᠡᠲᠦ ᠬᠤᠰᠢᠭᠤᠨ ᠤ ᠵᠢᠷᠠ ᠰᠤᠮᠤᠨ ᠤ ᠮᠤᠬᠤᠷ ᠬᠡᠮᠡᠬᠦ ᠭᠠᠵᠠᠷ ᠲᠥᠷᠥᠵᠡᠢ᠃ 1927 ᠣᠨ ᠳᠤ ᠥᠯᠵᠡᠶᠢᠬᠤᠲᠤᠭ ᠦᠦᠰᠢᠨ ᠬᠤᠰᠢᠭᠤᠨ ᠤ ᠳᠤᠭᠤᠶᠢᠯᠠᠩ ᠤᠨ ᠤᠳᠤᠷᠢᠳᠤᠭᠴᠢ ᠰᠢᠨᠠᠯᠠᠮᠠ ᠶᠢᠨ ᠤᠳᠤᠷᠢᠳᠤᠭᠰᠠᠨ ᠴᠡᠷᠢᠭ ᠲᠤ ᠣᠷᠣᠵᠤ᠂ ᠵᠢᠩ ᠶᠤᠸᠠᠢ ᠰᠢᠦ ᠶᠢ ᠴᠣᠬᠢᠭᠰᠠᠨ ᠪᠠᠶᠢᠯᠲᠤᠭᠠᠨ ᠳᠤ ᠣᠷᠣᠯᠴᠠᠵᠤ᠂ 1929 ᠣᠨ ᠳᠤ ᠰᠢᠨᠡᠯᠠᠮᠠ ᠬᠤᠣᠷᠯᠠᠭᠳᠠᠭᠰᠠᠨ ᠤ ᠳᠠᠷᠠᠭ᠎ᠠ ᠨᠤᠲᠤᠭ ᠲᠠᠭᠠᠨ ᠪᠤᠴᠠᠨ ᠢᠷᠠᠵᠤ᠂ ᠣᠲᠤᠭ ᠬᠤᠰᠢᠭᠤᠨ ᠤ ᠣᠷᠣᠨ ᠨᠤᠲᠤᠭ ᠤᠨ ᠠᠮᠤᠷ ᠢ ᠬᠠᠮᠠᠭᠠᠯᠠᠬᠤ ᠴᠡᠷᠢᠭ ᠲᠤ ᠣᠷᠣᠵᠤ᠂ ᠤᠳᠠᠯ ᠦᠭᠡᠢ ᠫᠠᠶᠢᠵᠠᠩ ᠢᠶᠠᠷ ᠳᠡᠪᠰᠢᠭᠦᠯᠦᠭᠳᠡᠵᠡᠢ᠃ 1937 ᠣᠨ ᠳᠤ ᠶᠠᠫᠤᠨ ᠡᠵᠡᠷᠬᠡᠭ ᠲᠦᠷᠢᠮᠡᠬᠡᠶᠢᠲᠡᠨ ᠣᠷᠳᠣᠰ ᠵᠦᠭ ᠭᠠᠷ ᠰᠠᠷᠪᠠᠶᠢᠵᠤ᠂ ᠱᠠᠠ ᠭᠠᠨ ᠨᠢᠩ ᠬᠢᠵᠠᠭᠠᠷ ᠣᠷᠣᠨ ᠢ ᠰᠦᠷᠳᠡᠭᠦᠯᠵᠦ ᠪᠠᠶᠢᠪᠠ᠃ ᠲᠤᠰ ᠵᠢᠯ ᠤᠨ 11 ᠳ᠋ᠦ᠋ᠭᠡᠷ ᠰᠠᠷ᠎ᠠ ᠳᠤ ᠶᠠᠫᠤᠨ ᠲᠠᠩᠨᠠᠭᠤᠯ ᠣᠴᠢᠳᠠ ᠶᠣᠰᠢᠷᠤ᠋ ᠠᠷᠠᠯ ᠤᠨ ᠰᠦᠮ᠎ᠡ ᠳᠡᠭᠡᠷ᠎ᠡ ᠨᠢᠭᠤᠴᠠ ᠪᠠᠷ ᠰᠠᠭᠤᠵᠤ ᠠᠵᠢᠯᠯᠠᠭ᠎ᠠ ᠬᠢᠪᠡ᠃ ᠠᠮᠤᠷ ᠢ ᠬᠠᠮᠠᠭᠠᠯᠠᠬᠤ ᠰᠧᠯᠢᠩ ᠵᠠᠮᠶᠠᠩᠰᠢᠷᠠᠪ ᠠᠷᠠᠯ ᠤᠨ ᠰᠦᠮ᠎ᠡ ᠳᠡᠭᠡᠷ᠎ᠡ ᠨᠢᠰᠬᠡᠯ ᠤᠨ ᠲᠠᠯᠠᠪᠠᠢ ᠵᠠᠰᠠᠵᠤ ᠣᠴᠢᠳᠠ ᠳᠤ ᠬᠡᠷᠡᠭᠯᠡᠭᠦᠯᠬᠦ ᠬᠡᠰᠡᠨ ᠳᠤ ᠥᠯᠵᠡᠶᠢᠬᠤᠲᠤᠭ ᠲᠤᠶᠢᠯ ᠢᠶᠠᠷ ᠳᠤᠷ᠎ᠠ ᠦᠭᠡᠶᠢᠴᠡᠨ ᠡᠰᠡᠷᠭᠦᠴᠡᠵᠦ ᠪᠠᠶᠢᠪᠠ᠃ ᠳᠤᠮᠳᠠᠳᠤ ᠤᠯᠤᠰ ᠤᠨ ᠡᠪ ᠬᠠᠮᠲᠤ ᠨᠠᠮ ᠤᠨ ᠳᠠᠬᠢᠯᠲᠤ ᠶᠢᠨ ᠠᠵᠢᠯᠯᠠᠬᠤ ᠬᠤᠷᠢᠶ᠎ᠠ ᠶᠢᠨ ᠬᠠᠷᠢᠭᠤᠴᠠᠯᠭᠠᠲᠠᠨ ᠲᠢᠶᠠᠠ ᠸᠠᠠ ᠱᠸᠡᠭ ᠠᠷᠠᠯ ᠤᠨ ᠰᠦᠮ᠎ᠡ ᠳᠤ ᠢᠷᠠᠵᠤ᠂ ᠵᠠᠮᠶᠠᠩᠰᠢᠷᠠᠪ ᠵᠡᠷᠭᠡ ᠳᠡᠭᠡᠳᠦ ᠳᠠᠪᠬᠤᠷᠭᠠᠲᠠᠨ ᠢ ᠲᠠᠲᠠᠨ ᠠᠪᠬᠤ ᠠᠵᠢᠯ ᠢ ᠬᠢᠵᠦ ᠪᠠᠶᠢᠪᠠ᠃ 1939 ᠣᠨ ᠤ 6 ᠳ᠋ᠤᠭᠠᠷ ᠰᠠᠷ᠎ᠠ ᠳᠤ᠂ ᠲᠡᠷᠡ ᠲᠢᠶᠠᠠ ᠸᠠᠠ ᠱᠸᠡᠭ ᠲᠠᠢ ᠲᠠᠨᠢᠯᠴᠠᠵᠤ᠂ ᠳᠠᠬᠢᠯᠲᠤ ᠶᠢᠨ ᠠᠵᠢᠯᠯᠠᠬᠤ ᠬᠤᠷᠢᠶ᠎ᠠ ᠲᠠᠢ ᠦᠷᠭᠦᠯᠵᠢ ᠶᠠᠪᠤᠯᠴᠠᠬᠤ ᠪᠣᠯᠵᠠᠢ᠃ ᠲᠡᠷᠡ ᠵᠠᠮᠶᠠᠩᠰᠢᠷᠠᠪ ᠤᠨ ᠨᠣᠶᠠᠷᠬᠠᠯ ᠠᠴᠠ ᠠᠩᠭᠢᠵᠢᠷᠠᠵᠤ᠂ ᠦᠨᠳᠦᠰᠦᠲᠡᠨ ᠤ ᠴᠢᠯᠦᠭᠡᠯᠡᠯᠲᠡ ᠶᠢᠨ ᠲᠡᠮᠡᠴᠡᠯ ᠳᠤ ᠣᠷᠣᠯᠴᠠᠬᠤ ᠶᠢᠨ ᠲᠥᠯᠥᠭᠡ 1946 ᠣᠨ ᠤ 1 ᠳ᠋ᠦ᠋ᠭᠡᠷ ᠰᠠᠷ᠎ᠠ ᠶᠢᠨ 14 ᠤ ᠡᠳᠦᠷ ᠪᠠᠶᠠᠨᠳᠤᠷᠵᠢ᠂ ᠪᠣᠷᠣᠪᠠᠭᠠᠲᠤᠷ ᠨᠠᠷ ᠲᠠᠢ ᠬᠠᠮᠲᠤ ᠠᠷᠠᠯ ᠤᠨ ᠰᠦᠮ᠎ᠡ ᠶᠢᠨ ᠪᠣᠰᠣᠯᠭ᠎ᠠ ᠭᠠᠷᠭᠠᠵᠤ᠂ ᠵᠠᠮᠶᠠᠩᠰᠢᠷᠠᠪ ᠢ ᠪᠠᠷᠢᠪᠴᠢᠯᠠᠨ ᠶᠠᠯ᠎ᠠ ᠶᠢ ᠨᠢ ᠨᠡᠶᠢᠲᠡᠯᠡᠵᠦ᠂ ᠲᠡᠭᠦᠨ ᠤ ᠬᠢᠬᠠᠨ ᠠᠪᠴᠢᠷᠠᠭᠰᠠᠨ ᠬᠠᠷ᠎ᠠ ᠲᠠᠮᠠᠬᠢ᠂ ᠮᠥᠩᠭᠦ᠂ ᠲᠣᠷᠭ᠎ᠠ᠂ ᠴᠠᠢ ᠵᠡᠷᠭᠡ ᠶᠢ ᠬᠠᠮᠲᠤ ᠨᠡᠶᠢᠲᠡ ᠳᠤ ᠬᠤᠷᠢᠶᠠᠮᠵᠢᠯᠠᠨ ᠠᠪᠴᠠᠢ᠃ ᠢᠩᠭᠢᠭᠡᠳ ᠥᠯᠵᠡᠶᠢᠬᠤᠲᠤᠭ ᠪᠣᠰᠣᠯᠭ᠎ᠠ ᠶᠢᠨ ᠴᠡᠷᠢᠭ ᠤᠨ ᠨᠢᠭᠡᠳᠦᠭᠡᠷ ᠲᠤᠸᠠᠨ ᠤ ᠲᠤᠸᠠᠨᠵᠠᠩ ᠪᠣᠯᠵᠡᠢ᠃      1947 ᠣᠨ ᠤ 3 ᠳ᠋ᠤᠭᠠᠷ ᠰᠠᠷ᠎ᠠ ᠶᠢᠨ 5 ᠤ ᠡᠳᠦᠷ᠂ ᠥᠯᠵᠡᠶᠢᠬᠤᠲᠤᠭ᠂ ᠪᠣᠷᠣᠪᠠᠭᠠᠲᠤᠷ ᠨᠠᠷ ᠬᠠᠷᠢᠶᠠᠲᠤ ᠴᠡᠷᠢᠭ ᠢᠶᠠᠨ ᠴᠤᠭᠯᠠᠭᠤᠯᠵᠤ᠂ ᠸᠠᠩ ᠤᠨ ᠣᠷᠳᠣᠨ ᠢ ᠪᠦᠰᠡᠯᠡᠨ᠂ ᠭᠤᠮᠢᠨᠳᠠᠩ ᠤᠨ ᠲᠠᠯ᠎ᠠ ᠳᠤ ᠵᠣᠭᠰᠣᠭᠰᠠᠨ ᠲᠤᠰᠠᠯᠠᠭᠴᠢ ᠶᠠᠩᠰᠠᠨᠵᠠᠪ ᠢ ᠵᠡᠪᠰᠡᠭᠲᠦ ᠬᠦᠴᠦᠨ ᠢᠶᠠᠷ ᠰᠢᠬᠠᠮᠳᠠᠭᠤᠯᠤᠨ ᠡᠪ ᠬᠠᠮᠲᠤ ᠨᠠᠮ ᠤᠨ ᠲᠠᠯ᠎ᠠ ᠳᠤ ᠲᠠᠲᠠᠨ ᠠᠪᠴᠢᠷᠠᠬᠤ ᠭᠡᠪᠡ᠃ ᠶᠠᠩᠰᠠᠨᠵᠠᠪ ᠤᠷᠢᠳᠴᠢᠯᠠᠨ ᠮᠡᠳᠡᠭᠡ ᠣᠯᠵᠦ᠂ ᠢᠷᠭᠠᠢ ᠳᠤ ᠳᠤᠲᠠᠭᠠᠭᠰᠠᠨ ᠪᠣᠯᠬᠤᠷ ᠲᠡᠳᠡᠨ ᠤ ᠠᠵᠢᠯᠯᠠᠭ᠎ᠠ ᠬᠤᠭᠤᠰᠤᠨ ᠪᠣᠯᠵᠠᠢ᠃ 3 ᠳ᠋ᠤᠭᠠᠷ ᠰᠠᠷ᠎ᠠ ᠶᠢᠨ 20 ᠤ ᠡᠳᠦᠷ᠂ ᠶᠠᠩᠰᠠᠨᠵᠠᠪ ᠨᠢᠩᠰᠢᠶᠠ ᠶᠢᠨ ᠮᠠ ᠬᠤᠨᠭ᠌ ᠺᠦᠢ ᠶᠢᠨ ᠲᠡᠨᠳᠡ ᠠᠴᠠ ᠬᠤᠶᠠᠷ ᠲᠤᠸᠠᠨ ᠴᠡᠷᠢᠭ ᠳᠠᠭᠠᠭᠤᠯᠤᠨ ᠢᠷᠡᠵᠦ ᠪᠣᠰᠣᠯᠭ᠎ᠠ ᠶᠢᠨ ᠴᠡᠷᠢᠭ ᠢ ᠴᠣᠬᠢᠵᠤ᠂ ᠴᠢᠯᠦᠭᠡᠯᠡᠭᠳᠡᠭᠰᠡᠨ ᠣᠷᠣᠨ ᠳᠤ ᠬᠠᠯᠳᠠᠯᠭ᠎ᠠ ᠬᠢᠪᠡ᠃ ᠪᠣᠰᠣᠯᠭ᠎ᠠ ᠶᠢᠨ ᠴᠡᠷᠢᠭ ᠤᠨ ᠯᠢᠶᠠᠨᠵᠠᠩ ᠭᠡᠰᠢᠭᠳᠡᠯᠠᠢ᠂ ᠫᠠᠶᠢᠵᠠᠩ ᠪᠠᠪᠠ ᠨᠠᠷ ᠮᠠ ᠬᠤᠨᠭ᠌ ᠺᠦᠢ ᠶᠢᠨ ᠴᠡᠷᠢᠭ ᠠᠴᠠ ᠰᠦᠷᠳᠡᠵᠦ᠂ 4 ᠳ᠋ᠦ᠋ᠭᠡᠷ ᠰᠠᠷ᠎ᠠ ᠶᠢᠨ 2 ᠤᠨ ᠡᠳᠦᠷ ᠤᠷᠪᠠᠵᠤ᠂ ᠥᠯᠵᠡᠶᠢᠬᠤᠲᠤᠭ ᠢ ᠪᠠᠷᠢᠪᠴᠢᠯᠠᠨ ᠮᠠ ᠬᠤᠨᠭ᠌ ᠺᠦᠢ ᠶᠢᠨ ᠴᠡᠷᠢᠭ ᠲᠤ ᠲᠤᠰᠢᠶᠠᠵᠠᠢ᠃ 1947 ᠣᠨ ᠤ 4 ᠳ᠋ᠦ᠋ᠭᠡᠷ ᠰᠠᠷ᠎ᠠ ᠶᠢᠨ 23 ᠤ ᠡᠳᠦᠷ ᠥᠯᠵᠡᠶᠢᠬᠤᠲᠤᠭ ᠬᠠᠷᠠᠭᠲᠠᠨ ᠰᠥᠮ᠎ᠡ ᠳᠡᠭᠡᠷ᠎ᠡ ᠶᠠᠩᠰᠠᠨᠵᠠᠪ ᠲᠤ ᠬᠤᠣᠷᠯᠠᠭᠳᠠᠪᠠ᠃          ︽ᠣᠲᠤᠭ ᠬᠤᠰᠢᠭᠤᠨ ᠤ ᠣᠶᠢᠯᠠᠯᠭ᠎ᠠ︾ ︽ᠣᠲᠤᠭ ᠬᠤᠰᠢᠭᠤᠨ ᠤ ᠣᠶᠢᠯᠠᠯᠭ᠎ᠠ︾ ᠨᠠᠶᠢᠷᠠᠭᠤᠯᠬᠤ ᠺᠣᠮᠢᠰ ᠨᠠᠶᠢᠷᠠᠭᠤᠯᠪᠠ
ᠢᠷᠡᠯᠲᠡ᠄ ᠣᠲᠤᠭ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ