ᠪᠤᠷᠴᠠᠭ ᠤᠨ ᠡᠭᠡᠳᠡᠩ ᠢᠳᠡᠬᠦ ᠳᠤ ᠠᠩᠬᠠᠷᠬᠤ ᠴᠢᠬᠤᠯᠠ ᠲᠠᠢ ᠵᠦᠢᠯ
ᠨᠡᠶᠢᠲᠡᠯᠡᠭᠰᠡᠨ ᠴᠠᠭ᠄
2023/12/26
1.ᠪᠣᠷᠴᠠᠭ ᠤᠨ ᠡᠭᠡᠳᠡᠩ ᠢ ᠲᠠᠬᠢᠶᠠᠨ ᠦᠨᠳᠡᠭᠡ ᠲᠠᠢ ᠬᠤᠯᠢᠵᠤ ᠤᠤᠭᠤᠪᠠᠯ ᠬᠦᠮᠦᠨ ᠤ ᠪᠡᠶ᠎ᠡ ᠳᠤ ᠰᠢᠩᠭᠡᠭᠳᠡᠬᠦ ᠳᠤ ᠬᠦᠴᠢᠷ ᠪᠣᠳᠠᠰ ᠪᠣᠯᠵᠤ ᠪᠦᠷᠢᠯᠳᠦᠳᠡᠭ᠃ 2. ᠪᠣᠷᠴᠠᠭ ᠤᠨ ᠡᠭᠡᠳᠡᠩ ᠢ ᠦᠯᠦᠨ ᠢᠶᠠᠷ ᠤᠤᠭᠤᠪᠠᠯ ᠰᠢᠮ᠎ᠡ ᠲᠡᠵᠢᠬᠡᠯ ᠨᠦᠬᠦᠪᠦᠷᠢᠯᠡᠬᠦ ᠦᠢᠯᠡᠳᠦᠯ ᠢᠶᠠᠨ ᠠᠯᠳᠠᠨ᠎ᠠ᠃ 3. ᠬᠤᠳᠤᠭᠤᠳᠤ ᠰᠡᠷᠢᠬᠦᠨ ᠬᠦᠮᠦᠰ ᠪᠣᠷᠴᠠᠭ ᠤᠨ ᠡᠭᠡᠳᠡᠩ ᠤᠤᠭᠤᠭᠰᠠᠨ ᠤ ᠳᠠᠷᠠᠭ᠎ᠠ ᠠᠮᠠᠷᠬᠠᠨ ᠭᠡᠳᠡᠰᠦ ᠬᠦᠭᠡᠭᠡᠵᠦ ᠴᠢᠴᠢᠭ᠎ᠠ ᠠᠯᠳᠠᠬᠤ ᠢᠯᠡᠷᠡᠯ ᠲᠠᠢ ᠪᠠᠶᠢᠳᠠᠭ᠃4. ᠪᠣᠷᠴᠠᠭ ᠤᠨ ᠡᠭᠡᠳᠡᠩ ᠢ ᠲᠦᠬᠦᠬᠡᠢ ᠪᠠᠷ ᠤᠤᠭᠤᠪᠠᠯ ᠳᠤᠷ᠎ᠠ ᠪᠣᠯᠬᠢᠬᠤ᠂ ᠪᠦᠭᠡᠯᠵᠢᠬᠦ᠂ ᠴᠢᠴᠢᠭ᠎ᠠ ᠠᠯᠳᠠᠬᠤ ᠵᠡᠷᠭᠡ ᠬᠤᠤᠷᠳᠠᠯ ᠤᠨ ᠢᠯᠡᠷᠡᠯ ᠲᠠᠢ ᠪᠠᠶᠢᠳᠠᠭ᠃ 5. ᠪᠣᠷᠴᠠᠭ ᠤᠨ ᠡᠭᠡᠳᠡᠩ ᠢᠶᠠᠷ ᠦᠨᠢᠶᠡᠨ ᠰᠦ ᠶᠢ ᠤᠷᠤᠯᠠᠭᠤᠯᠤᠨ ᠨᠢᠯᠬ᠎ᠠ ᠬᠡᠦᠬᠡᠳ ᠲᠤ ᠤᠤᠭᠤᠯᠭᠠᠵᠤ ᠪᠣᠯᠬᠤ ᠦᠭᠡᠢ᠃ 6. ᠪᠣᠷᠴᠠᠭ ᠤᠨ ᠡᠭᠡᠳᠡᠩ ᠳᠤ ᠬᠠᠷ᠎ᠠ ᠪᠣᠷᠠᠮ ᠬᠢᠵᠦ ᠤᠤᠭᠤᠪᠠᠯ ᠪᠣᠷᠴᠠᠭ ᠤᠨ ᠡᠭᠡᠳᠡᠩ ᠤᠨ ᠰᠢᠮ᠎ᠡ ᠲᠡᠵᠢᠬᠡᠯᠲᠦ ᠦᠨ᠎ᠡ ᠦᠷᠲᠡᠭ ᠢ ᠬᠤᠷᠤᠭᠳᠠᠭᠤᠯᠬᠤ ᠪᠠᠷ ᠪᠠᠷᠠᠬᠤ ᠦᠭᠡᠢ ᠪᠠᠰᠠ ᠬᠦᠮᠦᠨ ᠤ ᠪᠡᠶ᠎ᠡ ᠶᠢᠨ ᠪᠣᠷᠴᠠᠭ ᠤᠨ ᠡᠭᠡᠳᠡᠩ ᠤᠨ ᠰᠢᠮ᠎ᠡ ᠲᠡᠵᠢᠬᠡᠯ ᠢ ᠰᠢᠩᠭᠡᠭᠡᠨ ᠠᠪᠬᠤ ᠬᠡᠮᠵᠢᠶ᠎ᠡ ᠶᠢ ᠪᠠᠭᠠᠰᠬᠠᠳᠠᠭ᠃ 7. ᠪᠣᠷᠴᠠᠭ ᠤᠨ ᠡᠭᠡᠳᠡᠩ ᠢ ᠨᠢᠭᠡ ᠤᠳᠠᠭ᠎ᠠ ᠳᠤ ᠬᠡᠲᠦᠷᠭᠡᠢ ᠶᠡᠭᠡ ᠤᠤᠭᠤᠪᠠᠯ ᠰᠢᠩᠭᠡᠭᠡᠯᠲᠡ ᠮᠠᠭᠤᠲᠠᠬᠤ ᠠᠴᠠ ᠴᠢᠴᠢᠭ᠎ᠠ ᠠᠯᠳᠠᠬᠤ᠂ ᠭᠡᠳᠡᠰᠦ ᠬᠦᠭᠡᠭᠡᠬᠦ ᠵᠡᠷᠭᠡ ᠡᠪᠡᠳᠴᠢᠨ ᠤ ᠢᠯᠡᠷᠡᠯ ᠲᠠᠢ ᠪᠣᠯᠳᠠᠭ᠃ 8. ᠨᠠᠩᠬᠤ ᠳᠤ ᠪᠣᠷᠴᠠᠭ ᠤᠨ ᠡᠭᠡᠳᠡᠩ ᠰᠠᠪᠠᠯᠠᠪᠠᠯ ᠵᠤᠬᠢᠮᠵᠢ ᠲᠠᠢ ᠬᠠᠯᠠᠭᠤᠨ ᠨᠦᠬᠦᠴᠡᠯ ᠳᠤᠤᠷ᠎ᠠ ᠪᠠᠺᠲ᠋ᠧᠷᠢ ᠨᠢ ᠶᠡᠭᠡ ᠪᠠᠷ ᠦᠷᠡᠵᠢᠵᠦ 3 — 4 ᠴᠠᠭ ᠪᠣᠯᠣᠭᠰᠠᠨ ᠤ ᠳᠠᠷᠠᠭ᠎ᠠ ᠪᠣᠷᠴᠠᠭ ᠤᠨ ᠡᠭᠡᠳᠡᠩ ᠤᠨ ᠬᠦᠴᠢᠯ ᠤᠨ ᠴᠢᠨᠠᠷ ᠨᠢ ᠬᠤᠪᠢᠷᠠᠭᠠᠳ ᠤᠤᠭᠤᠵᠤ ᠪᠣᠯᠬᠤ ᠦᠭᠡᠢ ᠪᠣᠯᠳᠠᠭ᠃ 9. ᠡᠮ ︵ᠢᠯᠠᠩᠭᠤᠶ᠎ᠠ ᠪᠠᠺᠲ᠋ᠧᠷᠢ ᠡᠰᠡᠷᠭᠦᠴᠡᠬᠦ︶ ᠲᠠᠢ ᠬᠠᠮᠲᠤ ᠤᠤᠭᠤᠪᠠᠯ ᠪᠣᠷᠴᠠᠭ ᠤᠨ ᠡᠭᠡᠳᠡᠩ ᠤᠨ ᠰᠢᠮ᠎ᠡ ᠲᠡᠵᠢᠬᠡᠯ ᠢ ᠡᠪᠳᠡᠳᠡᠭ᠃  
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ