ᠭᠠᠯ ᠤᠨ ᠢᠷᠤᠬᠡᠯ
ᠨᠡᠶᠢᠲᠡᠯᠡᠭᠰᠡᠨ ᠴᠠᠭ᠄
2023/12/26
      ᠯᠠᠮᠠ ᠭᠤᠷᠪᠠᠨ ᠡᠷᠳᠡᠨᠢ ᠭᠤᠷᠪᠠᠨ ᠰᠠᠨᠰᠠᠷ ᠮᠡᠳᠤ ᠲᠠᠪᠬᠤᠷ ᠪᠠᠳᠤᠯᠠᠭᠴᠢ ᠬᠠᠰᠠᠭ ᠲᠠᠢ ᠳᠦᠷᠪᠡᠨ ᠳᠦᠬᠦᠭᠡ ᠮᠡᠳᠤ ᠵᠢᠭᠳᠡᠷᠡᠭᠰᠡᠨ ᠦᠨᠳᠦᠷᠯᠢᠭ ᠤᠳᠤᠭ᠎ᠠ ᠲᠠᠨ ᠤ ᠲᠠᠪᠤᠨ ᠵᠦᠢᠯ ᠤᠨ ᠦᠩᠭᠡ ᠪᠠᠷ ᠪᠦᠳᠦᠭᠰᠡᠨ ᠠᠷᠪᠠᠨ ᠵᠢᠷᠭᠤᠭᠠᠨ ᠬᠠᠳᠠᠭ ᠢᠶᠠᠷ ᠢᠶᠠᠨ ᠲᠠᠩᠰᠤᠭ ᠢᠳᠡᠭᠡᠨ ᠲᠡᠭᠦᠰᠦᠭᠰᠡᠨ ᠡᠨᠡ ᠭᠠᠰᠢᠭᠠᠨ ᠮᠡᠳᠤ ᠬᠠᠶᠢᠯᠠᠰᠤ ᠰᠠᠯᠠᠭᠠᠳᠠᠰᠤ ᠶᠢ ᠡᠨᠡ ᠲᠤᠯᠭᠠᠨ ᠤ ᠳᠤᠳᠤᠷ᠎ᠠ ᠢᠯᠴᠢ ᠪᠤᠯᠭᠠᠨ ᠡᠷᠭᠦᠮᠦ᠃ ᠬᠠᠯᠢᠮᠠᠨ ᠦᠭᠡᠬᠦ ᠪᠠᠷ ᠪᠦᠷᠬᠦᠭᠰᠡᠨ ᠡᠪᠴᠢᠭᠦᠦ ᠶᠢ ᠴᠢᠨᠢ ᠵᠤᠭᠤᠭ ᠪᠤᠯᠭᠠᠨ ᠡᠷᠭᠦᠮᠦ᠃       ᠬᠠᠷ᠎ᠠ ᠠᠷᠢᠬᠢ ᠲᠤᠰᠤ ᠰᠠᠮᠳᠠᠰᠤ ᠶᠢ ᠴᠢᠨᠢ ᠲᠤᠰᠤᠭᠠᠨ ᠰᠦᠩᠨᠡᠨ ᠡᠷᠭᠦᠮᠦ᠃ ᠬᠠᠨᠤᠰᠢ ᠦᠭᠡᠢ ᠲᠠᠪᠤᠨ ᠲᠠᠩᠰᠤᠭ ᠢ ᠴᠢᠨᠢ ᠢᠳᠡᠭᠡᠨ ᠪᠤᠯᠭᠠᠨ ᠡᠷᠭᠦᠮᠦ᠃ ᠠᠷᠴᠠ ᠬᠦᠵᠢ ᠠᠯᠢ ᠰᠠᠶᠢᠬᠠᠨ ᠦᠨᠦᠷᠳᠦ ᠶᠢ ᠴᠢᠨᠢ ᠰᠢᠳᠦᠭᠡᠨ ᠪᠤᠯᠭᠠᠨ ᠡᠷᠭᠦᠮᠦ᠃ ᠠᠶᠤᠩᠭ᠎ᠠ ᠭᠢᠯᠪᠠᠭ᠎ᠠ ᠲᠡᠭᠦᠰᠦᠭᠰᠡᠨ ᠬᠠᠰᠤᠷᠢ ᠲᠡᠭᠷᠢ ᠲᠤᠯᠤᠮ᠎ᠡ ᠢᠯᠴᠢ ᠲᠠᠢ ᠭᠠᠯ ᠡᠷᠳᠡᠨᠢ ᠶᠢ ᠴᠢᠨᠢ ᠪᠠᠳᠠᠷᠠᠭᠤᠯᠤᠨ ᠡᠵᠡᠨ ᠴᠢᠩᠭᠢᠰ ᠡᠨᠡ ᠠᠬᠠᠰ ᠤᠨ ᠵᠢᠷᠦᠮ ᠢᠶᠠᠷ ᠡᠨᠡ ᠡᠳᠤᠷ ᠰᠠᠷ᠎ᠠ ᠪᠠᠨ ᠲᠠᠬᠢᠳᠠᠭ᠃ ᠮᠤᠩᠭᠤᠯ ᠤᠨ ᠵᠢᠷᠤᠮ ᠢᠪᠡᠭᠡᠯ ᠭᠠᠯ ᠲᠤᠩᠭᠠᠯᠠᠭ ᠤᠨ ᠢᠶᠠᠨ ᠶᠡᠭᠡ ᠡᠳᠤᠷ ᠲᠤ ᠢᠯᠪᠢ ᠶᠢᠨ ᠰᠤᠷᠭᠤᠭ ᠴᠢᠮᠡᠭᠡᠨ ᠢᠶᠠᠷ ᠪᠠᠶᠠᠰᠤᠭᠠᠳ ᠭᠤᠷᠪᠠ ᠳᠦᠷᠪᠡᠨ ᠬᠦᠷᠳᠡᠯ᠎ᠡ ᠦᠨᠳᠦᠷ ᠦᠶ᠎ᠡ ᠪᠠᠨ ᠰᠤᠶᠤᠷᠬ᠎ᠠ᠃       ᠠᠴᠠᠷᠬᠠᠢ ᠴᠠᠭ ᠲᠤᠯᠳᠠᠯ᠎ᠡ ᠠᠴᠢ ᠦᠷ᠎ᠡ ᠪᠠᠨ ᠬᠠᠶᠢᠷᠠᠯᠠᠨ ᠰᠤᠶᠤᠷᠬ᠎ᠠ᠃ ᠠᠷᠰᠢ ᠳᠤ ᠰᠠᠭᠤᠭ᠎ᠠ ᠬᠠᠨᠢ ᠨᠦᠬᠦᠳ ᠠᠴᠠ ᠪᠠᠨ ᠪᠤᠤ ᠤᠰᠤᠯᠳᠤ ᠠᠯᠤᠰᠯᠠᠯ ᠦᠭᠡᠢ ᠬᠦᠨᠳᠦᠯᠡᠪᠡᠰᠦ ᠪᠤᠤ ᠭᠤᠮᠤᠳᠠᠭ᠎ᠠ ᠠᠶᠠᠭᠠᠨ ᠭᠠᠯ ᠤᠨ ᠢᠶᠠᠨ ᠡᠬᠡ ᠡᠳᠤᠷ ᠡᠭᠡᠯ ᠴᠢᠮᠡᠯᠢᠭ ᠢ ᠴᠢᠨᠢ ᠴᠢᠮᠡᠵᠦ ᠪᠠᠶᠠᠨ ᠪᠤᠯᠬᠤ ᠪᠤᠯᠳᠣᠭᠠᠢ︕ ᠳᠡᠭᠡᠳᠦ ᠳᠡᠭᠷᠢ ᠠᠴᠠ ᠬᠠᠭᠠᠨ ᠳᠦᠰᠢᠮᠡᠯ ᠪᠦᠬᠦᠶᠡᠵᠦ ᠴᠢᠩᠭᠢᠰ ᠲᠠᠯᠠᠢ ᠱᠠᠯᠴᠢᠭᠤᠨ ᠪᠦᠬᠦᠶᠡᠵᠦ ᠲᠡᠭᠷᠢ ᠡᠯᠢᠭᠡ ᠲᠦᠷᠦᠯᠳᠡ ᠬᠭᠠᠳ ᠨᠤᠶᠠᠳ ᠬᠡᠤᠬᠡᠨ ᠪᠦᠬᠦᠶᠡᠵᠦ ᠲᠡᠯᠡᠬᠡᠢ ᠳᠠᠬᠢᠨ ᠶᠢᠷᠳᠢᠨᠴᠦ ᠨᠡᠬᠡᠬᠡᠭᠳᠡᠭᠴᠢ ᠱᠠᠭᠢᠷᠮᠠᠭ ᠪᠤᠯᠤᠳ ᠲᠡᠮᠦᠷ ᠨᠢᠴᠢᠭᠳᠡᠭᠦᠨ ᠰᠠᠷᠬᠠᠢ ᠴᠢᠯᠠᠭᠤᠨ ᠡᠬᠢᠨ ᠳᠤ ᠱᠤᠷᠭᠤᠯᠵᠢᠨ ᠴᠠᠭᠠᠨ ᠡᠪᠡᠰᠤᠨ ᠤ ᠮᠤᠳᠤᠨ ᠭᠤᠤᠯ ᠤᠨ ᠠᠮᠢᠳᠠᠳ ᠰᠢᠷ᠎ᠠ ᠲᠡᠷᠢᠭᠦᠳᠠᠢ ᠴᠠᠭᠠᠨ ᠬᠤᠨᠢᠨ ᠤ ᠲᠠᠬᠢᠯᠭ᠎ᠠ ᠪᠠᠷ ᠲᠠᠬᠢᠵᠦ ᠤᠤᠭᠠᠨ ᠭᠠᠯ ᠤᠨ ᠢᠶᠠᠨ ᠡᠬᠡ ᠡᠳᠤᠷ ᠶᠡᠭᠡ ᠴᠢᠮᠡᠯᠢᠭ ᠢ ᠴᠢᠨᠢ ᠲᠠᠬᠢᠯᠭ᠎ᠠ ᠪᠠᠷ ᠳᠠᠬᠢᠵᠦ ᠪᠠᠶᠠᠨ ᠪᠤᠯᠬᠤ ᠪᠤᠯᠳᠤᠭᠠᠢ︕ ᠦᠷᠯᠦᠭ ᠬᠠᠭᠠᠨ ᠤ ᠦᠯᠮᠡᠢ ᠪᠦᠬᠦᠶᠡᠭᠴᠢ ᠦᠷᠭᠡᠨ ᠶᠡᠭᠡ ᠲᠠᠯᠠᠢ ᠱᠠᠯᠴᠢᠭᠤᠨ ᠪᠦᠬᠦᠶᠡᠭᠴᠢ ᠦᠭᠯᠢᠭᠡ ᠰᠠᠶᠢᠳᠠᠢ ᠬᠡᠤᠬᠡᠨ ᠪᠦᠬᠦᠶᠡᠭᠴᠢ ᠦᠨᠳᠦᠷ ᠠᠭᠤᠯᠠ ᠶᠢᠨ ᠲᠤᠩ ᠪᠦᠬᠦᠶᠡᠭᠴᠢ ᠡᠭᠦᠳᠦᠭᠴᠢ ᠴᠦᠢᠪᠠᠯ ᠲᠡᠮᠦᠷ ᠡᠴᠢᠭᠳᠡᠭᠦᠨ ᠴᠢᠨ ᠴᠢᠯᠠᠭᠤᠨ ᠬᠢᠭᠡᠳ ᠡᠯᠳᠡᠪ ᠵᠦᠢᠯ ᠡᠷᠳᠡᠮ ᠰᠤᠷᠬᠤ ᠶᠢᠨ ᠬᠢᠨ ᠳᠤᠷ ᠲᠡᠷᠡ ᠴᠠᠭ ᠠᠴᠠ ᠲᠡᠯᠭᠡᠷᠡᠭᠦᠨ ᠨᠡᠬᠡᠬᠡᠭᠳᠡᠭᠴᠢ ᠱᠠᠭᠢᠷᠮᠠᠭ ᠪᠤᠯᠤᠳ ᠲᠡᠮᠦᠷ ᠨᠢᠴᠢᠭᠳᠡᠭᠦᠨ ᠰᠠᠷᠬᠠᠢ ᠴᠢᠯᠠᠭᠤᠨ ᠡᠬᠢᠨ ᠳᠤ ᠱᠤᠷᠭᠤᠯᠵᠢᠨ ᠴᠠᠭᠠᠨ ᠡᠪᠡᠰᠤᠨ ᠤ ᠮᠤᠳᠤᠨ ᠭᠤᠤᠯ ᠤᠨ ᠠᠮᠢᠳᠠᠳ ᠰᠢᠷ᠎ᠠ ᠲᠡᠷᠢᠭᠦᠳᠠᠢ ᠴᠠᠭᠠᠨ ᠬᠤᠨᠢᠨ ᠤ ᠲᠠᠬᠢᠯᠭ᠎ᠠ ᠪᠠᠷ ᠲᠠᠬᠢᠵᠦ ᠤᠤᠭᠠᠨ ᠭᠠᠯ ᠤᠨ ᠢᠶᠠᠨ ᠡᠬᠡ ᠡᠳᠤᠷ ᠶᠡᠭᠡ ᠴᠢᠮᠡᠯᠢᠭ ᠢ ᠴᠢᠨᠢ ᠲᠠᠬᠢᠯᠭ᠎ᠠ ᠪᠠᠷ ᠳᠠᠬᠢᠵᠦ ᠪᠠᠶᠠᠨ ᠪᠤᠯᠬᠤ ᠪᠤᠯᠳᠤᠭᠠᠢ︕ ᠶᠢᠷᠡᠨ ᠶᠢᠰᠦᠨ ᠲᠡᠭᠷᠢ ᠠᠴᠠ ᠲᠠᠨᠤᠭᠠᠳ ᠠᠴᠠ ᠠᠶᠠᠭ᠎ᠠ ᠲᠠᠬᠢᠭᠰᠨ ᠪᠦᠭᠦᠳᠡ ᠶᠢᠨ ᠠᠮᠢᠳᠠᠨ ᠳᠤᠷ ᠰᠢᠳᠦᠭᠡᠨ ᠪᠤᠯᠤᠭᠰᠠᠨ ᠪᠤᠭᠳᠠ ᠡᠵᠡᠨ ᠴᠢᠩᠭᠢᠰ ᠬᠠᠭᠠᠨ ᠵᠤᠬᠢᠶᠠᠭᠰᠠᠨ ᠬᠠᠳᠠᠨ ᠲᠡᠮᠦᠷ ᠨᠢᠴᠢᠭᠳᠡᠭᠦᠨ ᠬᠠᠶᠢᠷ ᠴᠢᠯᠠᠭᠤᠨ ᠡᠬᠢᠨ ᠳᠤᠷ ᠶᠡᠭᠡ ᠴᠢᠮᠡᠯᠢᠭ ᠤᠨ ᠴᠢᠨᠢ ᠲᠠᠬᠢᠯᠭ᠎ᠠ ᠶᠢ ᠳᠠᠬᠢᠵᠦ ᠪᠠᠶᠠᠨ ᠪᠤᠯᠬᠤ ᠪᠤᠯᠳᠤᠭᠠᠢ︕ ᠳᠡᠭᠡᠳᠦ ᠳᠡᠭᠷᠢ ᠠᠴᠠ ᠬᠠᠭᠠᠨ ᠳᠦᠰᠢᠮᠡᠯ ᠪᠦᠬᠦᠶᠡᠵᠦ ᠴᠢᠩᠭᠢᠰ ᠲᠠᠯᠠᠢ ᠱᠠᠯᠴᠢᠭᠤᠨ ᠪᠦᠬᠦᠶᠡᠵᠦ ᠲᠡᠭᠷᠢ ᠡᠯᠢᠭᠡ ᠲᠦᠷᠦᠯᠳᠡ ᠬᠭᠠᠳ ᠨᠤᠶᠠᠳ ᠬᠡᠤᠬᠡᠨ ᠪᠦᠬᠦᠶᠡᠵᠦ ᠲᠡᠯᠡᠬᠡᠢ ᠳᠠᠬᠢᠨ ᠶᠢᠷᠳᠢᠨᠴᠦ ᠨᠡᠬᠡᠬᠡᠭᠳᠡᠭᠴᠢ ᠱᠠᠭᠢᠷᠮᠠᠭ ᠪᠤᠯᠤᠳ ᠲᠡᠮᠦᠷ ᠨᠢᠴᠢᠭᠳᠡᠭᠦᠨ ᠰᠠᠷᠬᠠᠢ ᠴᠢᠯᠠᠭᠤᠨ ᠡᠬᠢᠨ ᠳᠤ ᠱᠤᠷᠭᠤᠯᠵᠢᠨ ᠴᠠᠭᠠᠨ ᠡᠪᠡᠰᠤᠨ ᠤ ᠮᠤᠳᠤᠨ ᠭᠤᠤᠯ ᠤᠨ ᠠᠮᠢᠳᠠᠳ ᠰᠢᠷ᠎ᠠ ᠲᠡᠷᠢᠭᠦᠳᠠᠢ ᠴᠠᠭᠠᠨ ᠬᠤᠨᠢᠨ ᠤ ᠲᠠᠬᠢᠯᠭ᠎ᠠ ᠪᠠᠷ ᠲᠠᠬᠢᠵᠦ ᠤᠤᠭᠠᠨ ᠭᠠᠯ ᠤᠨ ᠢᠶᠠᠨ ᠡᠬᠡ ᠡᠳᠤᠷ ᠶᠡᠭᠡ ᠴᠢᠮᠡᠯᠢᠭ ᠢ ᠴᠢᠨᠢ ᠲᠠᠬᠢᠯᠭ᠎ᠠ ᠪᠠᠷ ᠳᠠᠬᠢᠵᠦ ᠪᠠᠶᠠᠨ ᠪᠤᠯᠬᠤ ᠪᠤᠯᠳᠤᠭᠠᠢ︕  
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ