ᠵᠡᠮᠶᠠᠩᠰᠢᠷᠠᠪ
ᠨᠡᠶᠢᠲᠡᠯᠡᠭᠰᠡᠨ ᠴᠠᠭ᠄
2023/12/5
      ᠵᠡᠮᠶᠠᠩᠰᠢᠷᠠᠪ᠄ ᠮᠣᠩᠭᠤᠯ ᠦᠨᠳᠦᠰᠦᠲᠡᠨ᠂ ᠡᠷᠡᠭᠲᠡᠢ᠂ ᠯᠠᠮᠠ ᠨᠡᠷ᠎ᠡ ᠨᠢ ᠱᠠᠳᠷᠢᠪᠳᠠᠮᠪᠢᠵᠠᠯᠰᠠᠨ᠂ ᠬᠢᠲᠠᠳ ᠨᠡᠷ᠎ᠡ ᠨᠢ ᠵᠠᠩ ᠸᠧᠨ ᠰᠢᠤᠸᠠᠨ᠂ ᠠᠯᠳᠠᠷᠰᠢᠭᠰᠠᠨ ᠨᠡᠷ᠎ᠡ ᠨᠢ ᠵᠠᠮᠶᠠᠩᠰᠢᠷᠠᠪ ᠭᠡᠳᠡᠭ᠃ 1885 ᠣᠨ ᠳᠤ ᠣᠲᠤᠭ ᠬᠤᠰᠢᠭᠤᠨ ᠤ ᠰᠦᠮᠡᠲᠦ ᠶᠢᠨ ᠮᠠᠯᠴᠢᠨ ᠴᠠᠭᠠᠨᠮᠠᠩᠨᠠᠢ ᠶᠢᠨ ᠭᠠᠭᠴᠠ ᠬᠥᠪᠡᠭᠦᠨ ᠪᠣᠯᠣᠨ ᠵᠠᠶᠠᠭᠠᠵᠠᠢ᠃ ᠪᠠᠭ᠎ᠠ ᠨᠠᠰᠤᠨ ᠳᠠᠭᠠᠨ ᠠᠷᠠᠯ ᠤᠨ ᠰᠦᠮ᠎ᠡ ᠶᠢᠨ ᠱᠠᠪᠷᠤᠩ ᠢᠶᠠᠷ ᠲᠣᠳᠣᠯᠠᠭᠳᠠᠭᠰᠠᠨ ᠶᠤᠮ᠃      1903 ᠣᠨ ᠳᠤ ᠰᠦᠮᠡᠲᠦ ᠶᠢᠨ ᠴᠠᠭᠠᠬᠤᠪᠤᠭ᠎ᠠ ᠰᠦᠮ᠎ᠡ ᠳᠡᠭᠡᠷ᠎ᠡ ᠰᠠᠬᠢᠯ ᠠᠪᠴᠦ ᠯᠠᠮᠠ ᠪᠣᠯᠣᠭᠠᠳ 1913 ᠣᠨ ᠳᠤ ᠬᠥᠬᠡᠨᠠᠭᠤᠷ ᠤᠨ ᠬᠦᠮᠪᠦᠮ ᠬᠡᠶᠢᠳ ᠲᠤ ᠰᠤᠷᠤᠯᠴᠠᠪᠠ᠃ 1925 ᠣᠨ ᠳᠤ ᠬᠤᠰᠢᠭᠤᠨ ᠳᠠᠭᠠᠨ ᠪᠤᠴᠠᠵᠤ ᠢᠷᠡᠭᠡᠳ ᠰᠢᠨ᠎ᠡ ᠤᠰᠤᠨ ᠵᠣᠤ ᠰᠦᠮ᠎ᠡ ᠶᠢᠨ ᠰᠠᠨᠢᠳ ᠷᠠᠰᠠᠩ ᠤᠨ ᠬᠠᠮᠪᠤ ᠪᠣᠯᠵᠠᠢ᠃ ᠰᠢᠨ᠎ᠡ ᠤᠰᠤᠨ ᠵᠣᠤ ᠰᠦᠮ᠎ᠡ ᠳᠡᠭᠡᠷ᠎ᠡ ᠪᠠᠶᠢᠬᠤ ᠳᠠᠭᠠᠨ ᠦᠷᠭᠦᠯᠵᠢ ᠣᠯᠠᠨ ᠢ ᠴᠤᠭᠯᠠᠭᠤᠯᠤᠨ ᠬᠡᠷᠡᠭ ᠡᠭᠦᠰᠬᠡᠵᠦ᠂ ᠳᠡᠭᠡᠳᠦ ᠳᠠᠪᠬᠤᠷᠭᠠᠨ ᠤ ᠯᠠᠮᠠ ᠨᠠᠷ ᠢ ᠡᠰᠡᠷᠭᠦᠴᠡᠭᠰᠡᠨ ᠠᠴᠠ ᠲᠡᠭᠦᠨ ᠢ ᠨᠠᠷᠢᠨᠨᠠᠭᠤᠷ ᠤᠨ ᠬᠤᠵᠢᠷ ᠤᠨ ᠭᠠᠶᠢᠯᠢ ᠬᠤᠷᠢᠶᠠᠬᠤ ᠭᠠᠵᠠᠷ ᠰᠠᠭᠤᠯᠭᠠᠵᠤ᠂ ᠬᠤᠵᠢᠷ ᠤᠨ ᠭᠠᠶᠢᠯᠢ ᠠᠴᠠ ᠰᠢᠨ᠎ᠡ ᠤᠰᠤᠨ ᠵᠣᠤ ᠶᠢᠨ ᠰᠦᠮ᠎ᠡ ᠳᠤ ᠲᠤᠰᠢᠶᠠᠬᠤ ᠬᠡᠰᠡᠭ ᠢ ᠬᠠᠮᠢᠶᠠᠷᠤᠭᠤᠯᠵᠠᠢ᠃ ᠳᠡᠮᠡᠢ ᠤᠳᠠᠭᠰᠠᠨ ᠦᠭᠡᠢ ᠠᠷᠠᠯ ᠤᠨ ᠰᠦᠮ᠎ᠡ ᠳᠡᠭᠡᠨ ᠪᠤᠴᠠᠨ ᠰᠦᠮ᠎ᠡ ᠲᠤᠭᠠᠡᠭ ᠢᠶᠠᠨ ᠬᠠᠮᠢᠶᠠᠷᠬᠤ ᠶᠢᠨ ᠬᠠᠮᠲᠤ ᠳᠤᠭᠤᠶᠢᠯᠠᠩ ᠵᠣᠬᠢᠶᠠᠨ ᠪᠠᠶᠢᠭᠤᠯᠵᠤ᠂ ᠹᠸᠤᠳᠠᠯ ᠤᠨ ᠨᠣᠶᠠᠷᠬᠠᠯ ᠪᠠ ᠬᠦᠨᠳᠦ ᠰᠦᠷᠡᠬᠡᠢ ᠭᠠᠶᠢᠯᠢ ᠭᠤᠪᠴᠢᠭᠤᠷ ᠢ ᠡᠰᠡᠷᠭᠦᠴᠡᠵᠡᠢ᠃ ᠲᠤᠬᠠᠢ ᠶᠢᠨ ᠦᠶ᠎ᠡ ᠳᠤ ᠣᠲᠤᠭ ᠤᠨ ᠪᠠᠷᠠᠭᠤᠨ ᠡᠮᠦᠨ᠎ᠡ ᠪᠡᠶ᠎ᠡ ᠳᠤ ᠦᠷᠭᠦᠯᠵᠢ ᠬᠤᠯᠠᠭᠠᠢ ᠳᠡᠭᠡᠷᠡᠮ ᠣᠷᠣᠵᠤ ᠢᠷᠡᠭᠡᠳ ᠦᠢᠮᠡᠭᠦᠯᠳᠡᠭ ᠪᠣᠯᠬᠤᠷ ᠵᠠᠮᠶᠠᠩᠰᠢᠷᠠᠪ ᠬᠤᠰᠢᠭᠤ ᠶᠠᠮᠤᠨ ᠳᠤ ᠠᠯᠪᠠᠨ ᠪᠢᠴᠢᠭ ᠳᠡᠪᠰᠢᠭᠦᠯᠵᠦ᠂ ᠳᠤᠭᠤᠶᠢᠯᠠᠩ ᠢᠶᠠᠨ ᠵᠡᠪᠰᠡᠭᠯᠡᠨ᠂ 60 ᠨᠡᠷ᠎ᠡ ᠴᠡᠷᠢᠭ ᠲᠠᠢ ᠬᠢᠯᠢ ᠬᠢᠵᠠᠭᠠᠷ ᠢ ᠴᠠᠭᠳᠠᠬᠤ ᠠᠩᠭᠢ ᠵᠣᠬᠢᠶᠠᠨ ᠪᠠᠶᠢᠭᠤᠯᠵᠠᠢ᠃ 1926 ᠣᠨ ᠳᠤ ᠵᠠᠮᠶᠠᠩᠰᠢᠷᠠᠪ ᠦᠦᠰᠢᠨ ᠬᠤᠰᠢᠭᠤᠨ ᠤ ᠰᠢᠨᠡᠯᠠᠮᠠ ᠪᠠᠷ ᠳᠠᠮᠵᠢᠭᠤᠯᠤᠨ ᠥᠪᠥᠷ ᠮᠣᠩᠭᠤᠯ ᠤᠨ ᠠᠷᠠᠳ ᠤᠨ ᠬᠤᠪᠢᠰᠬᠠᠯᠲᠤ ᠨᠠᠮ ᠤᠨ ᠣᠲᠤᠭ ᠬᠤᠰᠢᠭᠤᠨ ᠤ ᠬᠤᠷᠢᠶ᠎ᠠ ᠶᠢᠨ ᠵᠣᠬᠢᠶᠠᠨ ᠪᠠᠶᠢᠭᠤᠯᠤᠯᠲᠠ ᠶᠢ ᠪᠠᠶᠢᠭᠤᠯᠵᠠᠢ᠃ 1927 ᠣᠨ ᠳᠤ ᠤᠯᠠᠭᠠᠨᠪᠠᠭᠠᠲᠤᠷ ᠲᠤ ᠣᠴᠢᠵᠤ᠂ ᠥᠪᠥᠷ ᠮᠣᠩᠭᠤᠯ ᠤᠨ ᠠᠷᠠᠳ ᠤᠨ ᠬᠤᠪᠢᠰᠬᠠᠯᠲᠤ ᠨᠠᠮ ᠤᠨ ᠲᠥᠪ ᠬᠤᠷᠢᠶᠠᠨ ᠤ ᠪᠦᠭᠦᠳᠡ ᠬᠤᠷᠠᠯᠳᠤᠭᠠᠨ ᠳᠤ ᠣᠷᠣᠯᠴᠠᠵᠤ᠂ ᠰᠡᠷᠡᠩᠳᠤᠩᠷᠤᠪ ᠤᠨ ᠪᠠᠷᠠᠭᠤᠨ ᠤ ᠪᠥᠭᠡᠷᠡᠩᠬᠡᠢ ᠦᠵᠡᠯ ᠤᠨ ᠠᠯᠳᠠᠭ᠎ᠠ ᠶᠢ ᠰᠢᠭᠦᠮᠵᠢᠯᠡᠬᠦ ᠳᠤ ᠣᠷᠣᠯᠴᠠᠵᠠᠢ᠃ ᠡᠨᠡ ᠤᠳᠠᠭ᠎ᠠ ᠨᠠᠮ ᠤᠨ ᠰᠢᠨ᠎ᠡ ᠲᠥᠪ ᠬᠤᠷᠢᠶ᠎ᠠ ᠶᠢ ᠵᠣᠬᠢᠶᠠᠨ ᠪᠠᠶᠢᠭᠤᠯᠬᠤ ᠳᠤ ᠵᠠᠮᠶᠠᠩᠰᠢᠷᠠᠪ ᠲᠥᠪ ᠤᠨ ᠭᠦᠢᠴᠡᠳᠬᠡᠭᠴᠢ ᠭᠡᠰᠢᠭᠦᠨ ᠢᠶᠠᠷ ᠰᠣᠩᠭᠤᠭᠳᠠᠵᠤ ᠳᠠᠷᠠᠭ᠎ᠠ ᠵᠢᠯ ᠨᠢ ᠪᠦᠬᠦ ᠬᠤᠰᠢᠭᠤᠨ ᠤ ᠨᠠᠢᠮᠠᠨ ᠳᠤᠭᠤᠶᠢᠯᠠᠩ ᠤᠨ ᠤᠳᠤᠷᠢᠳᠬᠤ ᠡᠷᠬᠡ ᠶᠢ ᠡᠵᠡᠮᠰᠢᠵᠡᠢ᠃ ᠬᠤᠰᠢᠭᠤ ᠸᠠᠩ ᠭᠠᠯᠰᠠᠩᠷᠤᠯᠮᠠᠸᠠᠩᠵᠢᠯᠵᠠᠮᠰᠤ ᠵᠠᠮᠶᠠᠩᠰᠢᠷᠠᠪ ᠤᠨ ᠣᠯᠠᠨ ᠲᠦᠮᠡᠨ ᠳᠤ ᠬᠦᠷᠢᠶᠡᠯᠡᠯ ᠲᠠᠢ᠂ ᠠᠷᠭ᠎ᠠ ᠤᠬᠠᠭᠠᠨ ᠠᠷᠪᠢᠨ᠂ ᠠᠰᠠᠭᠤᠳᠠᠯ ᠰᠢᠢᠳᠪᠦᠷᠢᠯᠡᠬᠦ ᠳᠡᠭᠡᠨ ᠬᠤᠷᠴᠠ ᠱᠠᠯᠠᠮᠠᠭᠠᠢ ᠪᠠᠶᠢᠬᠤ ᠶᠢ ᠦᠵᠡᠭᠡᠳ ᠢᠯᠪᠢᠨ ᠲᠠᠲᠠᠬᠤ ᠠᠷᠭ᠎ᠠ ᠠᠪᠴᠦ᠂ ᠲᠡᠭᠦᠨ ᠢᠶᠠᠷ ᠪᠦᠬᠦ ᠬᠤᠰᠢᠭᠤᠨ ᠤ ᠡᠪᠡᠰᠦ ᠪᠡᠯᠴᠢᠭᠡᠷ ᠤᠨ ᠭᠠᠶᠢᠯᠢ ᠲᠠᠲᠠᠪᠤᠷᠢᠯᠠᠬᠤ ᠠᠵᠢᠯ ᠢ ᠬᠠᠷᠢᠭᠤᠴᠠᠭᠤᠯᠤᠭᠰᠠᠨ ᠪᠥᠭᠡᠳ ᠬᠡᠰᠡᠭ ᠴᠡᠷᠢᠭ ᠤᠨ ᠡᠷᠬᠡ ᠶᠢ ᠡᠵᠡᠮᠰᠢᠭᠦᠯᠵᠡᠢ᠃ 1929 ᠣᠨ ᠳᠤ ᠭᠠᠯᠰᠠᠩᠷᠤᠯᠮᠠᠸᠠᠩᠵᠢᠯᠵᠠᠮᠰᠤ ᠸᠠᠩ ᠲᠠᠢ ᠬᠠᠮᠲᠤ ᠰᠦᠢᠶᠤᠸᠠᠨ ᠬᠤᠲᠠ ᠳᠤ ᠬᠦᠷᠴᠦ ᠮᠤᠵᠢ ᠶᠢᠨ ᠵᠠᠰᠠᠭ ᠤᠨ ᠣᠷᠳᠣᠨ ᠳᠤ ᠬᠤᠰᠢᠭᠤ ᠶᠢ ᠵᠠᠰᠠᠬᠤ ᠡᠬᠡ ᠲᠥᠰᠥᠯ ᠢᠶᠠᠨ ᠮᠡᠳᠡᠭᠦᠯᠦᠭᠰᠡᠨ ᠳᠤ ᠰᠦᠢᠶᠤᠸᠠᠨ ᠮᠤᠵᠢ ᠶᠢᠨ ᠵᠠᠰᠠᠭ ᠤᠨ ᠣᠷᠳᠣᠨ ᠠᠴᠠ ᠵᠠᠮᠶᠠᠩᠰᠢᠷᠠᠪ ᠢ ᠠᠮᠤᠷ ᠢ ᠬᠠᠮᠠᠭᠠᠯᠠᠬᠤ ᠶᠡᠭᠡ ᠠᠩᠭᠢ ᠶᠢᠨ ᠳᠠᠷᠤᠭ᠎ᠠ ᠪᠠᠷ ᠲᠣᠮᠢᠯᠠᠪᠠ᠃ ᠲᠡᠷᠡ ᠲᠤᠰᠢᠶᠠᠯ ᠬᠦᠯᠢᠶᠡᠭᠰᠡᠨ ᠤ ᠳᠠᠷᠠᠭ᠎ᠠ ᠠᠷᠠᠯ ᠤᠨ ᠰᠦᠮ᠎ᠡ ᠳᠡᠭᠡᠷ᠎ᠡ ᠠᠮᠤᠷ ᠢ ᠬᠠᠮᠠᠭᠠᠯᠠᠬᠤ ᠶᠡᠭᠡ ᠠᠩᠭᠢ ᠶᠢᠨ ᠠᠯᠪᠠᠨ ᠭᠠᠵᠠᠷ ᠪᠠᠶᠢᠭᠤᠯᠵᠤ᠂ ᠤᠤᠯ ᠤᠨ ᠨᠠᠢᠮᠠᠨ ᠳᠤᠭᠤᠶᠢᠯᠠᠩ ᠤᠨ ᠰᠠᠭᠤᠷᠢᠨ ᠳᠡᠭᠡᠷ᠎ᠡ ᠠᠮᠤᠷ ᠢ ᠬᠠᠮᠠᠭᠠᠯᠠᠬᠤ 3 ᠯᠢᠶᠠᠠ ᠪᠠᠶᠢᠭᠤᠯᠵᠤ᠂ ᠰᠡᠭᠦᠯᠡᠷ 12 ᠯᠢᠶᠠᠨ ᠪᠣᠯᠭᠠᠨ ᠥᠷᠭᠡᠳᠬᠡᠵᠡᠢ᠃      1930 ᠣᠨ ᠳᠤ ᠨᠢᠩᠰᠢᠶᠠ ᠮᠤᠵᠢ ᠶᠢᠨ ᠲᠡᠷᠢᠭᠦᠯᠡᠭᠴᠢ ᠮᠠ ᠬᠤᠨᠭ᠌ ᠺᠦᠢ ᠠᠴᠠ ᠵᠠᠮᠶᠠᠩᠰᠢᠷᠠᠪ ᠢ ᠨᠢᠩᠰᠢᠶᠠ ᠣᠲᠤᠭ ᠤᠨ ᠵᠠᠬ᠎ᠠ ᠬᠢᠵᠠᠭᠠᠷ ᠢ ᠴᠠᠭᠳᠠᠨ ᠰᠡᠷᠭᠡᠶᠢᠯᠡᠬᠦ ᠰᠧᠯᠢᠩ ᠢᠶᠠᠷ ᠲᠣᠮᠢᠯᠠᠵᠠᠢ᠃ ᠵᠠᠯᠭᠠᠭᠠᠳ ᠲᠡᠷᠡ ᠣᠲᠤᠭ ᠬᠤᠰᠢᠭᠤᠨ ᠤ ᠠᠮᠤᠷ ᠢ ᠬᠠᠮᠠᠭᠠᠯᠠᠬᠤ ᠰᠧᠯᠢᠩ᠂ ᠬᠤᠰᠢᠭᠤᠨ ᠤ ᠬᠡᠷᠡᠭ ᠢ ᠲᠤᠰᠠᠯᠠᠨ ᠰᠢᠢᠳᠬᠡᠭᠴᠢ᠂ ᠶᠡᠭᠡ ᠵᠣᠤ ᠶᠢᠨ ᠡᠮᠦᠨᠡᠲᠦ ᠶᠢ ᠬᠡᠷᠦᠨ ᠳᠡᠯᠡᠳᠬᠦ ᠰᠧᠯᠢᠩ ᠵᠡᠷᠭᠡ ᠣᠯᠠᠨ ᠲᠤᠰᠢᠶᠠᠯ ᠢ ᠡᠭᠦᠷᠭᠡᠯᠡᠵᠡᠢ᠃ ᠵᠠᠮᠶᠠᠩᠰᠢᠷᠠᠪ ᠡᠷᠬᠡ ᠠᠳᠬᠤᠬᠤ ᠶᠢᠨ ᠦᠶ᠎ᠡ ᠳᠤ᠂ ᠣᠲᠤᠭ ᠬᠤᠰᠢᠭᠤ ᠴᠡᠷᠢᠭ ᠤᠨ ᠡᠷᠬᠡᠲᠡᠨ᠂ ᠡᠵᠡᠷᠬᠡᠭ ᠲᠦᠷᠢᠮᠡᠬᠡᠶᠢᠲᠡᠨ᠂ ᠵᠠᠬ᠎ᠠ ᠶᠢᠨ ᠠᠷᠠᠯᠵᠢᠶᠠᠴᠢᠨ ᠤ ᠳᠠᠪᠬᠤᠷ ᠳᠠᠪᠬᠤᠷ ᠬᠢᠬᠠᠯᠲᠠ ᠶᠢᠨ ᠳᠣᠣᠷ᠎ᠠ ᠡᠬᠢ ᠪᠠᠶᠠᠯᠢᠭ ᠢᠶᠠᠨ ᠡᠵᠡᠩᠨᠡᠬᠦ ᠡᠷᠬᠡ ᠪᠠᠨ ᠠᠯᠳᠠᠵᠤ᠂ ᠥᠷᠢ ᠰᠢᠷᠢ ᠶᠡᠬᠡᠳᠴᠦ᠂ ᠠᠵᠦ ᠠᠬᠤᠢ ᠪᠠᠭᠤᠷᠠᠭᠠᠳ ᠠᠷᠠᠳ ᠤᠨ ᠠᠮᠢᠳᠤᠷᠠᠯ ᠲᠤᠶᠢᠯ ᠤᠨ ᠬᠦᠴᠢᠷᠲᠡᠢ ᠪᠠᠶᠢᠭᠰᠠᠨ ᠴᠠᠭ ᠪᠣᠯᠣᠨ᠎ᠠ᠃ ᠲᠤᠰ ᠵᠢᠯ ᠤᠨ ᠡᠪᠦᠯ ᠰᠦᠢᠶᠤᠸᠠᠨ ᠮᠤᠵᠢ ᠶᠢᠨ ᠵᠠᠰᠠᠭ ᠤᠨ ᠣᠷᠳᠣᠨ ᠤ ᠳᠡᠮᠵᠢᠯᠭᠡ ᠪᠠᠷ ᠮᠠᠰᠢᠩᠪᠦ᠋ᠷᠢᠳᠦ ᠶᠢᠨ ᠰᠦᠮ᠎ᠡ ᠳᠡᠭᠡᠷ᠎ᠡ ᠡᠯ᠎ᠡ ᠥᠷᠢ ᠶᠢᠨ ᠡᠵᠡᠨ ᠠᠷᠠᠯᠵᠢᠶᠠᠴᠢᠨ ᠢ ᠴᠤᠭᠯᠠᠭᠤᠯᠵᠤ᠂ ᠳᠠᠩᠰᠠ ᠲᠣᠭᠠᠴᠠᠬᠤ᠂ ᠬᠡᠯᠡᠯᠴᠡᠭᠡᠷ ᠬᠢᠬᠦ ᠪᠠᠷ ᠳᠠᠮᠵᠢᠭᠠᠳ ᠵᠠᠬ᠎ᠠ ᠶᠢᠨ ᠠᠷᠠᠯᠵᠢᠶᠠᠴᠢᠨ ᠤ ᠭᠠᠷ ᠠᠴᠠ ᠬᠤᠵᠢᠷ ᠤᠨ ᠨᠠᠭᠤᠷ ᠤᠨ ᠡᠵᠡᠩᠨᠡᠬᠦ ᠡᠷᠬᠡ ᠪᠠᠨ ᠪᠤᠴᠠᠭᠠᠨ ᠠᠪᠴᠦ᠂ ᠬᠤᠵᠢᠷ ᠤᠨ ᠨᠠᠭᠤᠷ ᠤᠨ ᠣᠷᠣᠯᠭ᠎ᠠ ᠪᠠᠷ ᠬᠤᠰᠢᠭᠤᠨ ᠤ ᠥᠷᠢ ᠶᠢ ᠬᠤᠯᠠᠬᠤ ᠪᠠᠷ ᠲᠣᠭᠲᠠᠵᠠᠢ᠃ ᠲᠡᠭᠡᠭᠡᠳ ᠭᠤᠷᠪᠠᠨ ᠵᠢᠯ ᠤᠨ ᠳᠣᠲᠣᠷ᠎ᠠ ᠬᠡᠳᠦᠨ ᠠᠷᠪᠠᠨ ᠵᠢᠯ ᠬᠤᠯᠠᠵᠤ ᠳᠡᠶᠢᠯᠬᠦ ᠦᠭᠡᠢ ᠪᠠᠶᠢᠭᠰᠠᠨ ᠥᠷᠢ ᠶᠢ ᠢᠯᠭᠠᠷᠠᠭᠤᠯᠵᠠᠢ᠃ 1932 ᠣᠨ ᠳᠤ ᠣᠲᠤᠭ ᠬᠤᠰᠢᠭᠤ ᠬᠠᠷᠢ ᠶᠢᠨ ᠰᠤᠷᠲᠠᠬᠤᠨ ᠤ ᠲᠠᠩᠬᠢᠮ ᠳᠤ ᠲᠡᠨᠵᠢᠯᠡᠨ ᠥᠭᠭᠦᠭᠰᠡᠨ ᠭᠠᠵᠠᠷ ᠰᠢᠷᠣᠢ ᠶᠢᠨ ᠬᠤᠭᠤᠴᠠᠭ᠎ᠠ ᠳᠠᠭᠤᠰᠤᠭᠰᠠᠨ ᠳᠤ᠂ ᠭᠤᠮᠢᠨᠳᠠᠩ ᠤᠨ ᠵᠠᠰᠠᠭ ᠤᠨ ᠭᠠᠵᠠᠷ ᠠᠴᠠ ᠡᠨᠡ ᠬᠡᠰᠡᠭ ᠭᠠᠵᠠᠷ ᠢ ᠱᠠᠨᠰᠢ ᠮᠤᠵᠢ ᠳᠤ ᠬᠠᠷᠢᠶᠠᠯᠠᠭᠤᠯᠬᠤ ᠪᠠᠷ ᠬᠤᠤᠪᠢᠯᠳᠤᠪᠠ᠃ ᠵᠠᠮᠶᠠᠩᠰᠢᠷᠠᠪ ᠮᠡᠳᠡᠭᠰᠡᠨ ᠤ ᠳᠠᠷᠠᠭ᠎ᠠ ᠺᠠᠲ᠋ᠣᠯᠢᠭ ᠱᠠᠰᠢᠨ ᠤ ᠬᠢᠨ  ᠲᠠᠢ ᠬᠡᠯᠡᠯᠴᠡᠵᠦ ᠪᠠᠶᠢᠭᠠᠳ ᠡᠨᠡ ᠬᠡᠰᠡᠭ ᠭᠠᠵᠠᠷ ᠢ ᠬᠤᠰᠢᠭᠤᠨ ᠳᠠᠭᠠᠨ ᠱᠠᠯᠠᠪᠳᠠᠨ ᠪᠤᠴᠠᠭᠠᠵᠤ ᠠᠪᠴᠢᠷᠠᠵᠠᠢ᠃ ᠤᠯᠠᠭᠠᠨ ᠴᠡᠷᠢᠭ ᠰᠠᠨᠪᠢᠶᠠᠨ ᠬᠢᠵᠠᠭᠠᠷ ᠣᠷᠣᠨ ᠢ ᠡᠵᠡᠯᠡᠭᠰᠡᠨ ᠤ ᠳᠠᠷᠠᠭ᠎ᠠ᠂ ᠵᠠᠮᠶᠠᠩᠰᠢᠷᠠᠪ ᠤᠯᠠᠭᠠᠨ ᠴᠡᠷᠢᠭ ᠲᠠᠢ ᠬᠡᠳᠦᠨ ᠤᠳᠠᠭ᠎ᠠ ᠬᠠᠪᠢᠷᠤᠯᠳᠤᠵᠠᠢ᠂ ᠤᠯᠠᠭᠠᠨ ᠴᠡᠷᠢᠭ ᠮᠠ ᠬᠤᠨᠭ᠌ ᠺᠦᠢ ᠶᠢᠨ ᠭᠠᠷ ᠠᠴᠠ ᠪᠤᠯᠢᠶᠠᠨ ᠠᠪᠤᠭᠰᠠᠨ ᠪᠠᠭ᠎ᠠ ᠰᠢᠬᠢᠷ ᠤᠨ ᠨᠠᠭᠤᠷ ᠵᠡᠷᠭᠡ ᠳᠠᠪᠤᠰᠤᠨ ᠨᠠᠭᠤᠷ ᠢ ᠣᠲᠤᠭ ᠲᠤ ᠪᠤᠴᠠᠭᠠᠨ ᠥᠭᠭᠦᠭᠰᠡᠨ ᠤ ᠳᠠᠷᠠᠭ᠎ᠠ᠂ ᠤᠷᠲᠤ ᠬᠤᠭᠤᠴᠠᠭ᠎ᠠ ᠡᠪ ᠨᠠᠶᠢᠷᠲᠠᠢ ᠣᠷᠣᠰᠢᠬᠤ ᠪᠣᠯᠵᠠᠢ᠃ 1937 ᠣᠨ ᠳᠤ ᠵᠠᠮᠶᠠᠩᠰᠢᠷᠠᠪ ᠠᠷᠠᠯ ᠤᠨ ᠰᠦᠮ᠎ᠡ ᠳᠡᠭᠡᠷ᠎ᠡ ᠣᠲᠤᠭ ᠬᠤᠰᠢᠭᠤᠨ ᠤ ᠠᠩᠬᠠᠳᠠᠭᠴᠢ ᠮᠣᠩᠭᠤᠯ ᠦᠨᠳᠦᠰᠦᠲᠡᠨ ᠤ ᠰᠤᠷᠭᠠᠭᠤᠯᠢ ᠶᠢ ᠪᠠᠶᠢᠭᠤᠯᠵᠠᠢ᠃ ᠲᠤᠰ ᠵᠢᠯ ᠤᠨ ᠡᠪᠦᠯ ᠶᠠᠫᠤᠨ ᠲᠠᠩᠨᠠᠭᠤᠯ ᠣᠴᠢᠳᠠ ᠶᠣᠰᠢᠷᠤ᠋ ᠠᠷᠠᠯ ᠤᠨ ᠰᠦᠮ᠎ᠡ ᠳᠤ ᠨᠢᠭᠤᠴᠠ ᠪᠠᠷ ᠢᠷᠠᠵᠤ᠂ ᠵᠠᠮᠶᠠᠩᠰᠢᠷᠠᠪ ᠢᠶᠠᠷ ᠳᠠᠮᠵᠢᠨ ᠨᠢᠩᠰᠢᠶᠠ ᠲᠡᠰᠢ ᠬᠦᠴᠦᠨ ᠢᠶᠠᠨ ᠥᠷᠭᠡᠳᠬᠡᠬᠦ ᠭᠡᠪᠡ᠃ ᠵᠠᠮᠶᠠᠩᠰᠢᠷᠠᠪ ᠨᠠᠵᠠᠭᠠᠢ ᠪᠠᠷ ᠠᠷᠭᠠᠴᠠᠭᠠᠵᠤ᠂ ᠤᠯᠠᠭᠠᠨ ᠴᠡᠷᠢᠭ ᠣᠶᠢᠷᠠᠲᠤᠨ ᠢᠷᠠᠵᠤ ᠪᠠᠶᠢᠭ᠎ᠠ ᠬᠤᠭᠤᠰᠤᠨ ᠴᠢᠮᠡᠭᠡ ᠭᠠᠷᠭᠠᠵᠤ ᠣᠴᠢᠳᠠ ᠶᠢ ᠬᠥᠭᠡᠭᠡᠵᠦ ᠶᠠᠪᠤᠭᠤᠯᠵᠠᠢ᠃ 1943 ᠣᠨ ᠳᠤ ᠶᠡᠭᠡ ᠵᠣᠤ ᠠᠶᠢᠮᠠᠭ ᠤᠨ ︽3.26︾ ᠤ ᠬᠡᠷᠡᠭ ᠬᠤᠪᠢᠰᠤᠯ ᠭᠠᠷᠤᠭᠰᠠᠨ ᠤ ᠳᠠᠷᠠᠭ᠎ᠠ᠂ ᠵᠠᠮᠶᠠᠩᠰᠢᠷᠠᠪ ᠨᠢᠭᠡ ᠲᠠᠯ᠎ᠠ ᠪᠠᠷ ᠠᠷᠠᠳ ᠣᠯᠠᠨ ᠢ ᠳᠠᠶᠢᠴᠢᠯᠠᠨ ᠴᠡᠷᠢᠭ ᠮᠣᠷᠢ ᠪᠡᠯᠡᠳᠬᠡᠵᠦ᠂ ᠴᠧᠨ ᠴᠠᠩ ᠵᠢᠶᠧ ᠶᠢᠨ ᠴᠡᠷᠢᠭ ᠲᠠᠢ ᠦᠵᠡᠯᠴᠡᠬᠦ ᠪᠠᠷ ᠪᠡᠯᠡᠳᠬᠡᠵᠦ᠂ ᠨᠥᠭᠦᠭᠡ ᠲᠠᠯ᠎ᠠ ᠪᠠᠷ ᠱᠠᠭᠳᠤᠷᠵᠠᠪ ᠴᠢᠭᠤᠯᠭᠠᠨ ᠳᠠᠷᠤᠭ᠎ᠠ ᠪᠣᠯᠣᠨ ᠹᠦ᠋ ᠽᠦᠸᠧ ᠢ ᠶᠢᠨ ᠬᠤᠭᠤᠷᠣᠨᠳᠤ ᠬᠦᠶᠦᠵᠦ᠂ ᠶᠡᠭᠡ ᠵᠣᠤ ᠠᠶᠢᠮᠠᠭ ᠤᠨ ᠬᠡᠷᠡᠭ ᠬᠤᠪᠢᠰᠤᠯ ᠢ ᠰᠢᠢᠳᠪᠦᠷᠢᠯᠡᠬᠦ ᠪᠠᠷ ᠴᠢᠷᠮᠠᠶᠢᠵᠠᠢ᠃ ᠳᠤᠮᠳᠠᠳᠤ ᠤᠯᠤᠰ ᠤᠨ ᠡᠪ ᠬᠠᠮᠲᠤ ᠨᠠᠮ ᠤᠨ ᠨᠢᠭᠡᠳᠦᠮᠡᠯ ᠹᠷᠣᠨᠲ ᠤᠨ ᠲᠥᠷᠥ ᠶᠢᠨ ᠪᠣᠳᠣᠯᠭ᠎ᠠ ᠶᠢᠨ ᠨᠥᠯᠥᠭᠡ ᠪᠠᠷ᠂ ᠵᠠᠮᠶᠠᠩᠰᠢᠷᠠᠪ ᠰᠠᠨᠪᠢᠶᠠᠨ ᠣᠷᠣᠨ ᠤ ᠠᠵᠢᠯᠯᠠᠬᠤ ᠬᠤᠷᠢᠶ᠎ᠠ ᠪᠣᠯᠣᠨ ᠣᠲᠤᠭ ᠬᠤᠰᠢᠭᠤᠨ ᠤ ᠠᠵᠢᠯᠯᠠᠬᠤ ᠬᠤᠷᠢᠶ᠎ᠠ ᠶᠢᠨ ᠤᠳᠤᠷᠢᠳᠤᠯᠭ᠎ᠠ ᠲᠠᠢ ᠨᠢᠭᠲᠠ ᠬᠠᠷᠢᠴᠠᠭ᠎ᠠ ᠲᠠᠢ ᠪᠣᠯᠵᠦ᠂ ᠵᠸᠦ ᠷᠧᠨ ᠱᠠᠨ᠂ ᠵᠣᠤ ᠲᠦᠡᠭ ᠷᠤ᠋ ᠨᠠᠷ ᠲᠠᠢ ᠠᠨᠳᠠᠯᠠᠵᠤ᠂ ᠦᠷᠭᠦᠯᠵᠢ ᠡᠮᠦᠨ᠎ᠡ ᠡᠭᠦᠳᠡ ᠪᠠᠷ ᠢᠶᠠᠨ ᠭᠤᠮᠢᠨᠳᠠᠩ ᠤᠨ ᠬᠦᠮᠦᠰ ᠢ ᠤᠭᠲᠤᠵᠤ᠂ ᠠᠷᠤ ᠡᠭᠦᠳᠡ ᠪᠠᠷ ᠢᠶᠠᠨ ᠡᠪ ᠬᠠᠮᠲᠤ ᠨᠠᠮ ᠤᠨ ᠨᠢᠭᠤᠴᠠ ᠠᠵᠢᠯᠲᠠᠳ ᠢ ᠦᠳᠡᠨ ᠶᠠᠪᠤᠭᠤᠯᠳᠠᠭ ᠪᠠᠶᠢᠯ᠎ᠠ᠃      ᠵᠠᠮᠶᠠᠩᠰᠢᠷᠠᠪ ᠤᠨ ᠡᠷᠬᠡ ᠰᠦᠷ ᠡᠳᠦᠷ ᠠᠴᠠ ᠡᠳᠦᠷ ᠨᠡᠮᠡᠭᠳᠡᠵᠦ᠂ ᠪᠦᠬᠦ ᠬᠤᠰᠢᠭᠤᠨ ᠤ ᠴᠡᠷᠢᠭ ᠵᠠᠰᠠᠭ ᠤᠨ ᠶᠡᠭᠡ ᠡᠷᠬᠡ ᠶᠢ ᠭᠠᠭᠴᠠᠭᠠᠷ ᠡᠵᠡᠮᠰᠢᠭᠰᠡᠨ ᠠᠴᠠ ᠹᠸᠤᠳᠠᠯ ᠤᠨ ᠭᠠᠭᠴᠠᠭᠠᠷ ᠡᠵᠡᠷᠬᠡᠬᠦ ᠨᠣᠶᠠᠷᠬᠠᠯ ᠢ ᠶᠠᠪᠤᠭᠤᠯᠬᠤ ᠪᠣᠯᠵᠠᠢ᠃ ᠲᠡᠭᠦᠨ ᠤ ᠨᠢᠭᠡ ᠴᠡᠷᠢᠭ ᠨᠢ ᠫᠣᠤ ᠠᠯᠳᠠᠵᠤ ᠵᠠᠮᠶᠠᠩᠰᠢᠷᠠᠪ ᠤᠨ ᠨᠢᠭᠡᠨ ᠨᠣᠬᠠᠢ ᠶᠢ ᠠᠯᠠᠭᠰᠠᠨ ᠳᠤ᠂ ᠡᠨᠡ ᠴᠡᠷᠢᠭ ᠢ ᠳᠡᠭᠦᠵᠢᠯᠡᠨ ᠴᠣᠬᠢᠵᠤ᠂ ᠡᠨᠡ ᠴᠡᠷᠢᠭ ᠤᠨ ᠪᠠᠨᠵᠠᠩ᠂ ᠫᠠᠶᠢᠵᠠᠩ᠂ ᠯᠢᠶᠠᠨᠵᠠᠩ ᠳᠤᠨᠢ ᠬᠦᠷᠲᠡᠯ᠎ᠡ ᠶᠠᠯᠠᠳᠠᠵᠠᠢ᠃ ᠠᠷᠪᠠᠰ ᠤᠨ ᠨᠢᠭᠡᠨ ᠴᠡᠷᠢᠭ ᠠᠷᠠᠯ ᠤᠨ ᠰᠦᠮ᠎ᠡ ᠳᠡᠭᠡᠷ᠎ᠡ ᠣᠴᠢᠵᠤ ᠰᠠᠭᠤᠳᠠᠯ ᠳᠤ ᠰᠠᠭᠤᠬᠤ ᠪᠠᠷ ᠶᠠᠪᠤᠵᠤ ᠪᠠᠶᠢᠭᠠᠳ ᠰᠠᠨᠠᠮᠰᠠᠷ ᠦᠭᠡᠢ ᠰᠠᠷ᠎ᠠ ᠳᠤ ᠰᠠᠭᠤᠭᠰᠠᠨ ᠡᠬᠡᠨᠡᠷ ᠤᠨ ᠭᠡᠷ ᠲᠤ ᠣᠷᠣᠵᠤ ᠴᠠᠢ ᠤᠤᠭᠤᠵᠠᠢ᠂ ᠡᠨᠡ ᠭᠠᠵᠠᠷ ᠤᠨ ᠵᠠᠩᠰᠢᠯ ᠢᠶᠠᠷ᠂ ᠡᠶᠢᠮᠦ ᠶᠠᠪᠤᠳᠠᠯ ᠲᠣᠬᠢᠶᠠᠯᠳᠤᠪᠠᠯ ᠵᠠᠪᠠᠯ ᠰᠠᠷ᠎ᠠ ᠲᠦᠭᠦᠷᠦᠭᠰᠡᠨ ᠤ ᠳᠠᠷᠠᠭ᠎ᠠ ᠰᠠᠶ᠋ᠢ ᠰᠠᠯᠵᠤ ᠶᠠᠪᠤᠳᠠᠭ ᠪᠣᠯᠬᠤᠷ᠂ ᠵᠠᠩᠰᠢᠯ ᠶᠣᠰᠣᠭᠠᠷ ᠰᠠᠷ᠎ᠠ ᠲᠦᠭᠦᠷᠬᠦ ᠶᠢ ᠬᠦᠯᠢᠶᠡᠵᠦ ᠪᠠᠶᠢᠭᠠᠳ ᠶᠠᠪᠤᠵᠠᠢ᠃ ᠢᠩᠭᠢᠵᠦ ᠴᠡᠷᠢᠭ ᠤᠨ ᠠᠯᠪᠠᠨ ᠠᠴᠠ ᠬᠤᠵᠢᠳᠠᠭᠰᠠᠨ ᠢ ᠵᠠᠮᠶᠠᠩᠰᠢᠷᠠᠪ ᠶᠠᠭᠤ ᠴᠤ ᠠᠰᠠᠭᠤᠯ ᠦᠭᠡᠢ ᠵᠥᠪᠬᠡᠨ ᠴᠡᠷᠢᠭ ᠤᠨ ᠠᠯᠪᠠᠨ ᠢ ᠡᠰᠡᠷᠭᠦᠴᠡᠯ᠎ᠡ ᠬᠡᠮᠡᠨ ᠫᠤᠤᠳᠠᠨ ᠠᠯᠠᠵᠠᠢ᠃ ᠵᠠᠮᠶᠠᠩᠰᠢᠷᠠᠪ ᠤᠨ ᠡᠷᠬᠡ ᠬᠦᠴᠦᠨ ᠨᠡᠮᠡᠭᠳᠡᠬᠦ ᠶᠢ ᠳᠠᠭᠠᠯᠳᠤᠨ ᠲᠡᠷᠡ ᠶᠡᠭᠡ ᠪᠠᠷ ᠱᠠᠯᠢᠨ ᠪᠦᠷᠢᠯᠭᠡᠵᠦ ᠰᠠᠳᠤᠷ ᠰᠠᠮᠠᠭᠤᠨ ᠠᠮᠢᠳᠤᠷᠠᠯ ᠢ ᠥᠩᠭᠡᠷᠡᠭᠦᠯᠬᠦ ᠪᠣᠯᠵᠠᠢ᠃ ᠵᠠᠮᠶᠠᠩᠰᠢᠷᠠᠪ ᠭᠠᠭᠴᠠᠭᠠᠷ ᠡᠵᠡᠷᠬᠡᠨ ᠳᠤᠷ᠎ᠠ ᠪᠠᠷ ᠠᠭᠠᠰᠢᠯᠠᠵᠤ᠂ ᠠᠷᠠᠳ ᠲᠦᠮᠡᠨ ᠤ ᠬᠤᠷᠣᠰᠤᠯ ᠪᠠ ᠡᠰᠡᠷᠭᠦᠴᠡᠯ ᠢ ᠳᠡᠭᠳᠡᠭᠡᠵᠦ᠂ ᠲᠤᠰ ᠬᠤᠰᠢᠭᠤᠨ ᠤ ᠸᠠᠩ ᠭᠦᠡᠭ ᠤᠳ ᠴᠤ ᠲᠡᠭᠦᠨ ᠲᠠᠢ ᠠᠲᠠᠭᠠᠷᠬᠠᠵᠤ᠂ ᠵᠠᠨᠤᠨ ᠬᠤᠷᠣᠰᠬᠤ ᠪᠣᠯᠣᠭᠰᠠᠨ ᠠᠴᠠ ᠲᠡᠭᠦᠨ ᠤ ᠨᠣᠶᠠᠷᠬᠠᠯ ᠢ ᠲᠦᠯᠬᠢᠨ ᠤᠨᠠᠭᠠᠬᠤ ᠵᠡᠪᠰᠡᠭᠲᠦ ᠬᠡᠷᠡᠭ ᠬᠤᠪᠢᠰᠤᠯ ᠭᠠᠷᠤᠭᠰᠠᠨ ᠪᠠᠶᠢᠨ᠎ᠠ᠃ ᠵᠠᠮᠶᠠᠩᠰᠢᠷᠠᠪ ᠤᠨ ᠭᠠᠷ ᠳᠣᠣᠷᠠᠬᠢ ᠪᠠᠶᠠᠨᠳᠣᠷᠵᠢ᠂ ᠪᠣᠷᠣᠪᠠᠭᠠᠲᠤᠷ᠂ ᠥᠯᠵᠡᠶᠢᠬᠤᠲᠤᠭ ᠵᠡᠷᠭᠡ ᠬᠦᠮᠦᠰ 1946 ᠣᠨ ᠤ 1 ᠳ᠋ᠦ᠋ᠭᠡᠷ ᠰᠠᠷ᠎ᠠ ᠶᠢᠨ 14 ᠤ ᠡᠳᠦᠷ ᠠᠷᠠᠯ ᠤᠨ ᠰᠦᠮ᠎ᠡ ᠶᠢᠨ ᠬᠡᠷᠡᠭ ᠬᠤᠪᠢᠰᠤᠯ ᠭᠠᠷᠭᠠᠵᠤ᠂ 15 ᠤ ᠡᠳᠦᠷ ᠵᠠᠮᠶᠠᠩᠰᠢᠷᠠᠪ ᠢ ᠪᠠᠷᠢᠪᠴᠢᠯᠠᠨ ᠠᠪᠴᠦ᠂ 16 ᠤ ᠡᠳᠦᠷ ᠨᠢᠭᠤᠴᠠ ᠪᠠᠷ ᠪᠣᠭᠤᠮᠢᠯᠠᠨ ᠠᠯᠠᠵᠠᠢ᠃                 ︽ᠣᠲᠤᠭ ᠬᠤᠰᠢᠭᠤᠨ ᠤ ᠣᠶᠢᠯᠠᠯᠭ᠎ᠠ︾ ︽ᠣᠲᠤᠭ ᠬᠤᠰᠢᠭᠤᠨ ᠤ ᠣᠶᠢᠯᠠᠯᠭ᠎ᠠ︾ ᠨᠠᠶᠢᠷᠠᠭᠤᠯᠬᠤ ᠺᠣᠮᠢᠰ ᠨᠠᠶᠢᠷᠠᠭᠤᠯᠪᠠ 
ᠢᠷᠡᠯᠲᠡ᠄ ᠣᠲᠤᠭ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ