ᠠᠷᠭᠠᠯ ᠲᠡᠭᠦᠭᠦ ᠬᠠᠰᠢᠶᠠᠯᠠᠬᠤ ᠶᠤᠰᠤ ᠵᠢᠷᠤᠮ ᠤᠨ ᠲᠤᠬᠠᠢ ︵ᠬᠤᠶᠠᠷ︶
ᠨᠡᠶᠢᠲᠡᠯᠡᠭᠰᠡᠨ ᠴᠠᠭ᠄
2023/12/7
      ᠠᠷᠭᠠᠯ ᠪᠤᠯ ᠦᠬᠡᠷ ᠤᠨ ᠬᠠᠲᠠᠭᠠᠭᠰᠠᠨ ᠪᠠᠭᠠᠰᠤ ᠮᠦᠨ᠃ ᠡᠭᠦᠨ ᠢ ᠮᠠᠯᠵᠢᠬᠤ ᠤᠷᠤᠨ ᠳᠤ ᠭᠤᠥᠯ ᠲᠦᠯᠡᠰᠢ ᠪᠠᠨ ᠪᠤᠯᠭᠠᠵᠤ᠂ ᠮᠠᠯ ᠤᠨ ᠬᠡᠰᠢᠭ ᠰᠢᠮ᠎ᠡ ᠬᠡᠵᠤ ᠦᠵᠡᠵᠤ ᠬᠠᠪᠤᠷ ᠨᠢ ᠲᠠᠷᠠᠭ᠎ᠠ ᠡᠪᠤᠯ ᠬᠠᠪᠤᠷ ᠤᠨ ᠲᠦᠯᠡᠰᠢ — ᠠᠷᠭᠠᠯ ᠢᠶᠠᠨ ᠪᠡᠯᠡᠳᠬᠡᠨ ᠬᠠᠰᠢᠶᠠᠯᠠᠵᠤ ᠲᠠᠪᠬᠤᠷᠯᠠᠵᠤ ᠠᠪᠳᠠᠭ᠃ ᠡᠨᠡ ᠨᠢ ᠮᠤᠩᠭᠤᠯᠴᠥᠳ ᠤᠨ ᠡᠷᠳᠠᠨ ᠠᠴᠠ ᠤᠯᠠᠮᠵᠢᠯᠠᠭᠳᠠᠨ ᠢᠷᠡᠭᠰᠡᠨ ᠦᠨᠳᠦᠰᠦᠳᠠᠨ ᠤ ᠵᠠᠩ ᠦᠢᠯᠡ ᠮᠦᠨ᠃ ᠮᠠᠯᠴᠢᠳ ᠨᠡᠭᠦᠳᠡᠯ ᠠᠮᠢᠳᠤᠷᠠᠯ  ᠳᠠᠭᠠᠨ ᠮᠦᠨ ᠠᠭᠤᠯᠠᠨ ᠮᠤᠳᠤ ᠶᠢ ᠲᠤᠷ᠎ᠠ ᠪᠠᠷ ᠢᠶᠠᠨ ᠤᠭᠳᠤᠯᠵᠤ ᠠᠪᠬᠤ ᠦᠭᠡᠢ ᠬᠠᠷᠢᠨ ᠬᠡᠬᠡᠷ᠎ᠡ ᠶᠢᠨ ᠠᠶᠠᠨᠳᠠᠭᠠᠨ ᠬᠠᠲᠠᠭᠰᠠᠨ ᠠᠷᠭᠠᠯ ᠢ ᠲᠡᠭᠦᠵᠤ ᠲᠦᠯᠡᠰᠢ ᠪᠤᠯᠭᠠᠳᠠᠭ ᠡᠷᠭᠢᠮ ᠨᠠᠨᠳᠢᠨ ᠰᠤᠷᠳᠠᠯ ᠲᠠᠢ ᠶᠤᠮ᠃ ᠶᠠᠭ ᠡᠶᠢᠮᠦ ᠠᠴᠠ ᠠᠷᠭᠠᠯ ᠲᠡᠭᠦᠭᠦ ᠪᠣᠯ ᠮᠤᠩᠭᠤᠯ ᠠᠮᠢᠳᠤᠷᠠᠯ ᠤᠨ ᠲᠤᠮᠳᠠ ᠲᠤᠳᠠᠭᠳᠠᠵᠤ ᠪᠤᠯᠤᠰᠢ ᠦᠭᠡᠢ ᠠᠵᠢᠯ ᠪᠤᠯᠵᠤ᠂ ᠮᠤᠩᠭᠤᠯ ᠵᠠᠩ ᠵᠠᠩᠰᠢᠯ ᠮᠤᠩᠭᠤᠯ ᠰᠤᠶᠤᠯ ᠤᠨ ᠪᠠᠰᠠ ᠨᠢᠭᠡᠨ ᠴᠢᠬᠤᠯᠠ ᠪᠦᠷᠢᠯᠳᠦᠭᠦᠨ ᠬᠡᠰᠡᠭ ᠪᠤᠯᠵᠤ ᠴᠢᠳᠠᠭᠰᠡᠨ ᠪᠠᠶᠢᠨ᠎ᠠ᠃       ᠬᠤᠶᠠᠷ᠂ ᠠᠷᠭᠠᠯ ᠤᠨ ᠰᠠᠪᠠᠷ ᠭᠢᠭᠦ ᠠᠷᠭᠠᠯ ᠤᠨ ᠰᠠᠪᠠᠷ ᠲᠤ ᠠᠷᠭᠠᠯ ᠲᠡᠭᠦᠭᠦ ᠰᠠᠪᠠᠷ ᠪᠠ ᠠᠷᠭᠠᠯ ᠬᠠᠰᠢᠶᠠᠯᠠᠬᠤ ᠰᠠᠪᠠᠷ ᠭᠡᠵᠦ ᠬᠤᠶᠠᠷ ᠵᠦᠢᠯ ᠪᠠᠶᠢᠳᠠᠭ᠃ ᠠᠷᠭᠠᠯ ᠬᠠᠰᠢᠶᠠᠯᠠᠬᠤ ᠰᠠᠪᠠᠷ ᠨᠢ ᠬᠡᠭᠡᠷ᠎ᠡ ᠴᠢᠳᠬᠤᠭᠰᠡᠨ ᠠᠷᠭᠠᠯ ᠢᠶᠠᠨ ᠲᠡᠭᠦᠬᠦ ᠳᠤ ᠬᠡᠷᠡᠭᠯᠡᠳᠡᠭ ᠮᠤᠳᠤᠨ ᠰᠢᠳᠦ ᠲᠠᠢ ᠰᠠᠪᠠᠷ ᠪᠤᠯᠤᠨ᠎ᠠ᠃ ᠲᠡᠷᠡ ᠨᠢ ᠰᠢᠳᠦ ᠲᠤᠯᠤᠭᠠᠢ ᠡᠰᠢ ᠭᠡᠵᠤ ᠭᠤᠷᠪᠠᠨ ᠭᠡᠰᠡᠭ ᠢᠶᠠᠷ ᠪᠦᠷᠢᠯᠳᠦᠳᠡᠭ᠃ ᠬᠤᠶᠠᠷ ᠵᠦᠢᠯ ᠤᠨ ᠰᠠᠪᠠᠷ ᠤᠨ ᠭᠢᠭᠦ ᠠᠷᠭ᠎ᠠ ᠨᠢ ᠦᠨᠳᠦᠰᠦᠨ ᠳᠡᠭᠡᠨ ᠠᠳᠠᠯᠢ ᠪᠠᠶᠢᠳᠠᠭ᠃       ᠠᠷᠭᠠᠯ ᠬᠠᠰᠢᠶᠠᠯᠠᠬᠤ ᠰᠠᠪᠠᠷ ᠢ ᠭᠢᠭᠦ ᠳᠤ ᠮᠠᠲ᠋ᠧᠷᠢᠶᠠᠯ ᠰᠤᠩᠭᠤᠬᠤ ᠶᠢ ᠤᠨᠴᠠ ᠠᠩᠬᠠᠷᠳᠠᠭ᠃ ᠰᠢᠳᠦ ᠭᠢᠭᠦ  ᠳᠡᠭᠡᠨ ᠬᠤᠷᠤᠭᠤ ᠭᠢᠷᠢ ᠲᠠᠢ ᠪᠦᠳᠦᠭᠦᠨ ᠬᠤᠶᠠᠷ ᠰᠠᠯᠠᠭ᠎ᠠ ᠲᠠᠢ᠂ ᠪᠦᠳᠦᠭᠦᠨ ᠨᠠᠷᠢᠨ ᠨᠢ ᠦᠨᠳᠦᠰᠦᠨ ᠳᠡᠭᠡᠨ ᠲᠡᠩᠴᠡᠭᠦᠨ ᠳᠡᠯᠡᠳᠦᠨ ᠮᠤᠳᠦᠨ ᠰᠠᠯᠠᠭ᠎ᠠ ᠡᠰᠡᠭᠦᠯ᠎ᠡ ᠬᠠᠶᠢᠯᠠᠰᠤᠨ ᠮᠣᠳᠤ᠂ ᠴᠠᠷᠠᠰᠤᠨ ᠮᠤᠳᠦᠨ ᠰᠠᠯᠠᠭ᠎ᠠ ᠪᠠᠷ ᠰᠢᠳᠦ ᠪᠤᠯᠭᠠᠨ᠂ ᠠᠷᠪᠠᠨ ᠬᠤᠶᠠᠷ ᠪᠤᠶᠦ ᠠᠷᠪᠠᠨ ᠲᠦᠷᠪᠡᠨ ᠲᠠᠢ ︵ᠰᠠᠯᠠᠭᠠᠳᠤ ᠮᠤᠳᠦ ᠶᠢ ᠵᠢᠷᠭᠤᠭ᠎ᠠ ᠲᠤᠯᠤᠭ᠎ᠠ ᠶᠢ ᠬᠡᠷᠡᠭᠯᠡᠭᠦ︶᠂ ᠦᠷᠭᠡᠨ ᠨᠢ 30 — 45cm ᠪᠠᠷ ᠭᠢᠳᠡᠭ᠃ ᠰᠢᠳᠦ ᠰᠠᠯᠠᠭ᠎ᠠ ᠲᠠᠢ ᠮᠤᠳᠦ ᠪᠠᠨ ᠰᠤᠩᠭᠤᠭᠰᠡᠨ ᠤ ᠲᠠᠷᠠᠭ᠎ᠠ᠂ ᠮᠤᠳᠦᠨ ᠤ ᠬᠠᠯᠢᠰᠤ ᠶᠢ ᠨᠢ ᠴᠠᠭᠠᠯᠠᠭᠠᠳ ᠲᠡᠩᠴᠡᠪᠤᠷᠢᠳᠠᠢ ᠰᠠᠶᠢᠬᠠᠨ ᠮᠤᠷᠦ᠋ᠢᠯᠭᠠᠭᠠᠳ ᠨᠤᠮᠤᠯᠠᠨ ᠲᠠᠳᠠᠵᠤ ᠤᠶᠠᠭᠠᠳ ᠰᠡᠭᠦᠳᠡᠷ ᠭᠠᠵᠠᠷ ᠲᠠᠯᠪᠢᠵᠤ ᠨᠡᠯᠢᠶᠡᠳ ᠤᠷᠳᠦ ᠬᠤᠭᠤᠴᠠᠭ᠎ᠠ ᠬᠠᠳᠠᠭᠠᠭᠰᠡᠨ ᠤ ᠲᠠᠷᠠᠭ᠎ᠠ ᠰᠠᠶ᠋ᠢ ᠰᠠᠯᠠᠭ᠎ᠠ  ᠶᠢ ᠨᠢ ᠰᠠᠯᠭᠠᠬᠤ ᠦᠭᠡᠢ ᠪᠠᠷ ᠰᠠᠶᠢᠳᠤᠷ ᠵᠠᠰᠠᠵᠤ ᠬᠡᠷᠡᠭᠯᠡᠨ᠎ᠠ᠃ ᠰᠠᠪᠠᠷ ᠤᠨ ᠲᠤᠯᠤᠭᠠᠢ ᠭᠢᠭᠦ ᠳᠡᠭᠡᠨ ᠬᠠᠳᠠᠭᠤ ᠰᠢᠭ ᠬᠤᠰᠤᠨ ᠮᠤᠳᠦ ᠡᠰᠡᠭᠦᠯ᠎ᠡ ᠬᠠᠶᠢᠯᠠᠰᠤᠨ ᠮᠤᠳᠦ ᠶᠢ ᠰᠤᠩᠭᠤᠳᠠᠭ᠃ ᠲᠤᠯᠤᠭᠠᠢ ᠶᠢᠨ ᠮᠤᠳᠦ ᠶᠢᠨ ᠤᠷᠳᠦ ᠶᠢ 35 — 45cm ᠪᠠᠶᠢᠯᠭᠠᠨ᠂ 8cm ᠤᠷᠴᠢᠮ ᠲᠦᠷᠪᠡᠯᠵᠢᠯᠡᠨ ᠴᠠᠪᠴᠢᠵᠤ ᠲᠡᠭᠰᠢᠯᠡᠭᠡᠳ ᠲᠠᠪᠤ ᠪᠤᠶᠦ ᠵᠢᠷᠭᠤᠭᠠᠨ ᠨᠦᠭᠡ ᠭᠠᠷᠭᠠᠨ᠎ᠠ᠃ ᠭᠡᠭᠦ ᠳᠡᠭᠡᠨ ᠲᠤᠮᠳᠠᠭᠢ ᠨᠦᠭᠡ ᠶᠢ ᠨᠢ ᠶᠡᠭᠡ ᠰᠢᠭ ᠪᠠᠶᠢᠯᠭᠠᠵᠤ᠂ ᠡᠰᠢᠯᠡᠭᠦ ᠪᠠ ᠰᠢᠳᠦ ᠰᠠᠭᠤᠯᠭᠠᠬᠤ ᠳᠤ ᠴᠦᠮ ᠭᠡᠷᠡᠭᠯᠡᠳᠡᠭ᠃ ᠡᠰᠢ ᠪᠦᠭᠡ ᠮᠦᠷᠳᠡᠭᠡᠨ ᠦᠶ᠎ᠡ ᠭᠡᠰᠢᠭᠦᠥ ᠪᠠᠷ ᠪᠠᠭ᠎ᠠ ᠰᠢᠭ ᠪᠤᠷᠭᠠᠰᠤ ᠪᠤᠶᠤ ᠬᠡᠭᠡᠷ᠎ᠡ ᠶᠢᠨ ᠤᠯᠢᠶᠠᠰᠤ ᠶᠢ ᠰᠤᠩᠭᠤᠳᠠᠭ᠃ ᠡᠨᠡ ᠵᠦᠢᠯ ᠤᠨ ᠰᠠᠪᠠᠷ ᠨᠢ ᠲᠤᠮᠤ ᠰᠢᠭ ᠪᠤᠯᠬᠤᠷ ᠵᠦᠪᠭᠡᠨ ᠠᠷᠭᠠᠯ ᠲᠡᠭᠦᠬᠦ ᠳᠤ ᠬᠡᠷᠡᠭᠯᠡᠳᠡᠭ᠃ ᠤᠳᠤ ᠳᠤ ᠪᠦᠳᠦᠭᠦᠨ ᠰᠢᠭ ᠭᠠᠩ ᠲᠡᠮᠦᠷ ᠤᠳᠠᠰᠤ ᠳᠤ ᠭᠢᠵᠤ ᠬᠡᠷᠡᠭᠯᠡᠳᠡᠭ ᠪᠤᠯᠤᠭᠰᠡᠨ ᠪᠠᠶᠢᠨ᠎ᠠ᠃ ᠠᠷᠭᠠᠯ ᠲᠡᠭᠦᠭᠦ ᠰᠠᠪᠠᠷ ᠡᠭᠦᠨ ᠠᠴᠠ ᠪᠠᠭ᠎ᠠ ᠨᠠᠷᠢᠨ ᠰᠢᠭ ᠨᠢᠭᠡᠯᠡ ᠰᠠᠯᠠᠭ᠎ᠠ ᠲᠠᠢ ᠲᠡᠯᠳᠦ ᠴᠠᠷᠠᠰᠤᠨ ᠮᠤᠳᠦ  ᠶᠢ ᠰᠤᠩᠭᠤᠵᠤ ᠭᠢᠭᠡᠳ ᠠᠷᠭᠠᠯ ᠲᠡᠭᠦᠭᠦ ᠳᠤ ᠬᠡᠷᠡᠭᠯᠡᠳᠡᠭ ᠶᠤᠮ᠃ ᠪᠠᠰᠠ ᠲᠦᠷᠪᠡᠨ ᠰᠠᠯᠠᠭ᠎ᠠ ᠲᠠᠢ ᠳᠡᠯᠡᠳᠦᠨ ᠮᠤᠳᠦ  ᠶᠢ ᠰᠤᠩᠭᠤᠵᠤ ᠲᠡᠩᠴᠡᠪᠤᠷᠢᠲᠠᠢ ᠮᠠᠳᠠᠨ ᠮᠤᠷᠦ᠋ᠢᠯᠭᠠᠵᠤ ᠬᠠᠲᠠᠭᠠᠭᠠᠳ ᠰᠠᠪᠠᠷ ᠪᠤᠯᠠᠭᠠᠳᠠᠭ᠃ ᠡᠨᠡ ᠨᠢ ᠲᠡᠮᠤᠷ ᠰᠢᠳᠦ  ᠲᠠᠢ ᠰᠠᠪᠠᠷ ᠲᠠᠢ ᠠᠳᠠᠯᠢᠳᠬᠠᠪᠡᠯ ᠵᠠᠷᠤᠬᠤ ᠳᠤ ᠤᠷᠠᠯᠢᠭ ᠪᠢᠰᠢ ᠪᠠᠶᠢᠳᠠᠭ᠃       ᠠᠷᠭᠠᠯ ᠲᠡᠭᠦᠭᠦ ᠲᠡᠮᠦᠷ ᠰᠢᠳᠦ ᠲᠠᠢ ᠰᠠᠪᠠᠷ ᠢ ᠭᠢᠭᠦ ᠳᠤ ᠬᠠᠳᠠᠭᠤ ᠰᠢᠭ ᠪᠣᠯᠣᠳ ᠤᠳᠠᠰᠤ ᠶᠢ ᠬᠡᠷᠡᠭᠯᠡᠳᠡᠭ᠃ ᠣᠯᠠᠩᠬᠢ ᠳᠠᠭᠠᠨ ᠭᠦᠨᠳᠡᠯᠡᠨ ᠣᠭᠲᠤᠯᠤᠭᠠᠰᠤ ᠶᠢᠨ ᠳ᠋ᠢᠶᠠᠮᠧᠳ᠋ᠷ ᠨᠢ 8mm ᠤᠷᠴᠢᠮ ᠲᠡᠮᠦᠷ ᠤᠳᠠᠰᠤ ᠶᠢ ᠰᠤᠩᠭᠤᠳᠠᠭ᠃ ᠶᠡᠷᠦ ᠳᠡᠭᠡᠨ 5 — 7 ᠭᠡᠰᠡᠭ ︵ᠨᠢᠭᠡ ᠬᠡᠰᠡᠭ ᠢ ᠨᠤᠭᠤᠯᠵᠤ ᠬᠤᠶᠠᠷ ᠰᠢᠳᠦ ᠪᠣᠯᠭᠠᠬᠤ︶ ᠤᠷᠳᠤ ᠨᠢ ᠠᠳᠠᠯᠢ ᠪᠤᠰᠤ᠂ ᠪᠠᠷᠤᠭ 60 — 90 cm ᠤᠭᠳᠤᠯᠤᠨ ᠠᠪᠴᠦ ᠲᠤᠮᠳᠠᠭᠤᠷ ᠨᠢ ᠨᠤᠭᠤᠯᠵᠤ ᠮᠤᠳᠤᠨ ᠡᠰᠢᠨ ᠳᠤ ᠨᠦᠬᠡᠯᠡᠨ ᠲᠤᠭᠳᠠᠭᠠᠨ ᠭᠢᠳᠡᠭ᠃ ᠠᠰᠢ ᠶᠢ ᠨᠢ ᠮᠦᠨ ᠪᠤᠷᠭᠠᠰᠤ ᠪᠤᠶᠤ ᠬᠡᠭᠡᠷ᠎ᠡ ᠶᠢᠨ ᠤᠯᠢᠶᠠᠰᠤ ᠶᠢ ᠰᠤᠩᠭᠤᠳᠠᠭ᠂ ᠰᠢᠳᠦ ᠶᠢ ᠬᠡᠳᠦᠷᠭᠡᠢ ᠪᠦᠳᠦᠭᠦᠨ ᠲᠡᠮᠦᠷ ᠤᠳᠠᠰᠤ ᠬᠡᠷᠡᠭᠯᠡᠪᠡᠯ ᠬᠡᠳᠦ᠋ᠢᠪᠡᠷ ᠪᠠᠬᠢᠯᠡᠭ ᠪᠤᠯᠪᠠᠴᠦ ᠭᠠᠷ ᠲᠤ ᠬᠠᠯᠠ ᠲᠠᠢ ᠪᠠᠶᠢᠵᠤ᠂ ᠤᠷᠳᠤ ᠴᠠᠭ ᠢᠶᠠᠷ ᠠᠵᠢᠯ ᠭᠢᠭᠦ ᠳᠤ ᠠᠰᠢᠭ ᠦᠭᠡᠢ ᠪᠠᠶᠢᠳᠠᠭ᠃ ᠰᠠᠪᠠᠷ ᠤᠨ ᠡᠰᠢ ᠨᠢ ᠵᠠᠪᠡᠯ ᠬᠠᠳᠠᠭᠰᠡᠨ ᠮᠤᠳᠦ ᠪᠠᠶᠢᠬᠤ ᠬᠡᠷᠡᠭᠳᠡᠢ᠃ ᠲᠡᠭᠦᠨ ᠤ ᠨᠠᠷᠢᠨ ᠰᠢᠭ ᠦᠵᠦᠭᠦᠷ ᠲᠤ ᠬᠤᠶᠠᠷ ᠢᠮᠠᠬᠤ ᠶᠢᠨ ᠵᠠᠶᠢᠳᠠᠢ ᠭᠠᠵᠠᠷ ᠠᠴᠠ ᠬᠤᠭᠤᠷᠤᠨᠳᠦ ᠨᠢ ᠨᠢᠭᠡ ᠢᠮᠠᠬᠤ ᠪᠤᠶᠤ ᠨᠢᠭᠡ ᠢᠮᠠᠬᠤ ᠬᠠᠭᠠᠰ ᠤᠨ ᠵᠠᠶᠢᠳᠠᠢ ᠲᠠᠪᠤ ᠠᠴᠠ ᠳᠣᠯᠤᠭᠠᠨ ᠨᠦᠬᠡ ᠨᠦᠬᠡᠯᠡᠵᠤ᠂ ᠣᠭᠲᠤᠯᠵᠤ ᠪᠡᠯᠡᠳᠬᠡᠭᠰᠡᠨ ᠲᠡᠮᠦᠷ ᠤᠳᠠᠰᠤ ᠪᠠ ᠰᠡᠪᠡᠯᠡᠨ ᠭᠠᠷᠭᠠᠵᠤ᠂ ᠮᠤᠳᠤᠨ ᠡᠰᠢ ᠲᠠᠢ ᠪᠠ ᠰᠤᠷᠯᠢᠭ ᠪᠤᠶᠤ ᠨᠠᠷᠢᠨ ᠰᠢᠭ ᠲᠡᠮᠦᠷ ᠤᠳᠠᠰᠤ ᠪᠠᠷ ᠴᠢᠩᠭ᠎ᠠ ᠤᠷᠢᠶᠠᠨ ᠲᠤᠭᠳᠠᠭᠠᠨ᠎ᠠ᠃ ᠲᠠᠷᠠᠭ᠎ᠠ ᠨᠢ ᠲᠤᠮᠳᠠᠭᠢ ᠬᠤᠶᠠᠷ ᠰᠢᠳᠦ ᠶᠢ ᠠᠰᠬᠠᠨ ᠢᠶᠠᠷ ᠨᠢ ᠲᠤᠭᠢᠷᠠᠭᠤᠯᠬᠤ ᠪᠤᠰᠤᠳ ᠰᠢᠳᠦ ᠶᠢ ᠲᠤᠳᠤᠷ᠎ᠠ ᠠᠴᠠ ᠭᠠᠳᠠᠭᠰᠢ ᠲᠡᠩᠴᠡᠭᠦᠨ ᠵᠠᠢ ᠲᠠᠢ ᠨᠤᠭᠤᠯᠤᠨ᠂ ᠬᠠᠮᠤᠭ ᠰᠠᠭᠦᠯ ᠳᠤᠨᠢ ᠰᠢᠳᠦᠨ ᠲᠡᠭᠡᠷ᠎ᠡ ᠲᠤᠥᠷ᠎ᠠ ᠨᠢ ᠭᠦᠨᠳᠡᠯᠡᠨ ᠬᠢᠷᠦᠭᠡᠳᠡᠰᠦ ᠲᠡᠮᠦᠷ ᠲᠠᠯᠪᠢᠵᠤ ᠨᠠᠷᠢᠨ ᠲᠡᠮᠦᠷ ᠤᠳᠠᠰᠤ ᠪᠠᠷ ᠰᠢᠳᠦ ᠪᠦᠷᠢ ᠲᠠᠢ ᠴᠢᠩᠭ᠎ᠠ ᠤᠷᠢᠶᠠᠨ ᠤᠶᠤᠬᠤ ᠪᠤᠶᠦ ᠡᠰᠡᠭᠦᠯ᠎ᠡ ᠦᠷᠭᠡᠨ ᠨᠢ 1.5cm ᠤᠷᠴᠢᠮ ᠤᠨ ᠬᠠᠪᠳᠠᠭᠠᠢ ᠨᠢᠮᠭᠡᠨ ᠬᠠᠪᠳᠠᠰᠤ ᠶᠢ ᠰᠠᠪᠠᠷ ᠤᠨ ᠰᠢᠳᠦᠨ ᠲᠤᠭ᠎ᠠ ᠲᠠᠢ ᠠᠳᠠᠯᠢ ᠨᠦᠬᠡᠯᠡᠭᠡᠳ ᠰᠡᠪᠡᠯᠡᠵᠦ ᠤᠷᠤᠯᠠᠭᠤᠯᠤᠨ ᠨᠢᠮᠭᠡᠨ ᠬᠠᠪᠳᠠᠰᠤ ᠪᠠᠨ ᠨᠤᠭᠤᠯᠤᠨ ᠬᠠᠪᠴᠢᠭᠤᠯᠵᠤ ᠲᠤᠭᠳᠠᠭᠠᠳᠠᠭ᠃ ᠡᠨᠡ ᠨᠢ ᠰᠠᠪᠠᠷ ᠤᠨ ᠰᠢᠳᠦ ᠶᠢ ᠨᠡᠩ ᠲᠤᠰᠢᠭᠤᠨ ᠪᠤᠯᠭᠠᠵᠤ᠂ ᠰᠢᠳᠦ ᠨᠢ ᠰᠦᠭᠦᠳᠴᠦ ᠮᠤᠷᠦ᠋ᠢᠬᠤ᠂ ᠨᠠᠭᠠᠰᠢ ᠴᠠᠭᠠᠰᠢ ᠰᠢᠯᠵᠢᠭᠦ ᠶᠢ ᠰᠡᠷᠭᠡᠶᠢᠯᠡᠭᠦ ᠦᠢᠯᠡᠳᠦᠯ ᠲᠠᠢ ᠪᠠᠶᠢᠳᠠᠭ᠃ ᠵᠠᠷᠤᠬᠤ ᠳᠤ ᠲᠦᠭᠦᠮ ᠤᠨ ᠲᠤᠰᠠᠳᠠ ᠲᠡᠮᠦᠷ ᠲᠦᠰᠢᠨ ᠲᠡᠭᠡᠷ᠎ᠡ ᠰᠢᠳᠦ ᠪᠤᠯᠭᠠᠨ ᠤ ᠦᠵᠦᠭᠦᠷ ᠢ ᠰᠠᠶᠢᠳᠤᠷ ᠲᠠᠪᠳᠠᠨ ᠬᠠᠪᠳᠠᠭᠠᠶᠢᠷᠠᠭᠤᠯᠳᠠᠭ᠃  
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ