ᠤᠩᠰᠢᠬᠤ ᠶᠤᠰᠤᠳᠠᠢ ᠰᠤᠷᠭᠠᠯ
ᠨᠡᠶᠢᠲᠡᠯᠡᠭᠰᠡᠨ ᠴᠠᠭ᠄
2023/12/7
      ᠪᠢᠳᠡᠭᠡᠢ ᠡᠷᠬᠢᠮᠰᠥᠭ ᠳᠥᠷᠢ ᠭᠠᠷᠭᠠᠬᠤ ᠴᠢᠬᠤᠯᠠ ᠲᠠᠢ ᠥᠶ᠎ᠡ ᠳᠤ ᠰᠠᠶ᠋ᠢ ᠠᠯᠪᠠ ᠪᠠᠷ ᠢᠨᠢᠶᠡᠮᠰᠦᠭᠯᠡᠭᠡᠴᠢ︕ ᠪᠢᠳᠡᠭᠡᠢ ᠬᠠᠶᠢᠷ᠎ᠠ ᠶᠢ ᠣᠯᠣᠶ᠎ᠠ ᠭᠡᠵᠤ ᠬᠥᠰᠡᠬᠦ ᠥᠶ᠎ᠡ ᠳᠡᠭᠡᠨ ᠰᠠᠶ᠋ᠢ ᠥᠷᠡᠭᠳᠡᠯ ᠭᠠᠷᠭᠠᠭᠠᠴᠢ︕ ᠪᠢᠳᠡᠭᠡᠢ ᠣᠶᠢᠳᠬᠠᠷᠯᠠᠬᠤ ᠥᠶ᠎ᠡ ᠳᠡᠭᠡᠨ ᠰᠠᠶ᠋ᠢ ᠨᠠᠶᠢᠵᠠ ᠪᠠᠨ ᠪᠣᠳᠣ︕ ᠪᠢᠳᠡᠭᠡᠢ ᠬᠠᠮᠤᠭ ᠤᠨ ᠰᠠᠶᠢᠨ ᠠᠵᠢᠯ ᠣᠯᠣᠭᠰᠠᠨ ᠤ ᠳᠠᠷᠠᠭ᠎ᠠ ᠰᠠᠶ᠋ᠢ ᠴᠢᠷᠮᠠᠶᠢᠨ ᠠᠵᠢᠯᠯᠠᠬᠤ ᠶᠢ ᠪᠣᠳᠣ︕ ᠪᠣᠰᠣᠳ ᠤᠨ ᠰᠠᠨᠠᠭᠤᠯᠭ᠎ᠠ ᠶᠢ ᠪᠢᠳᠡᠭᠡᠢ ᠢᠯᠠᠭᠳᠠᠭᠰᠠᠨ ᠥᠶ᠎ᠡ ᠳᠡᠭᠡᠨ ᠰᠠᠶ᠋ᠢ ᠪᠣᠳᠣᠵᠣ ᠣᠯ︕ ᠪᠢᠳᠡᠭᠡᠢ ᠡᠪᠡᠳᠴᠢᠯᠡᠭᠰᠡᠨ ᠤ ᠳᠠᠷᠠᠭ᠎ᠠ ᠰᠠᠶ᠋ᠢ ᠠᠮᠢ ᠨᠠᠰᠣᠨ ᠤ ᠳᠣᠷᠣᠢ ᠪᠠᠭᠤᠷᠠᠢ ᠶᠢ ᠣᠬᠠᠮᠰᠠᠷᠠᠵᠤ ᠮᠠᠳᠠ︕ ᠪᠢᠳᠡᠭᠡᠢ ᠥ ᠰᠡᠪ ᠥᠭᠡᠢ ᠬᠥᠮᠥᠨ ᠳᠠᠭᠠᠷᠠᠪᠠᠯ ᠰᠠᠶ᠋ᠢ ᠢᠨᠠᠭᠯᠠᠨ᠎ᠠ ᠬᠡᠵᠤ ᠪᠣᠳᠣ︕ ᠪᠢᠳᠡᠭᠡᠢ ᠰᠠᠯᠬᠤ ᠪᠣᠯᠣᠭᠠᠳ ᠰᠠᠶ᠋ᠢ ᠬᠠᠶᠢᠷ᠎ᠠ ᠰᠡᠳᠬᠢᠯᠭᠡ ᠪᠠᠨ ᠡᠷᠬᠢᠮᠯᠡᠭᠰᠡᠨ ᠥᠭᠡᠢ ᠭᠡᠵᠤ ᠭᠡᠮᠰᠢ︕ ᠪᠢᠳᠡᠭᠡᠢ ᠢᠳᠡᠭᠡᠯ ᠵᠣᠷᠢᠭ ᠢ ᠵᠠᠪᠠᠯ ᠪᠣᠰᠣᠳ ᠤᠨ ᠮᠠᠭᠳᠠᠭᠠᠯ ᠰᠠᠶᠢᠰᠢᠶᠠᠯ ᠠᠴᠠ ᠣᠯᠬᠤ ᠭᠡᠵᠤ ᠬᠥᠰᠡ︕ ᠪᠢᠳᠡᠭᠡᠢ ᠵᠠᠪᠠᠯ ᠪᠣᠰᠣᠳ ᠢᠶᠠᠷ ᠬᠡᠯᠡᠭᠦᠯᠵᠣ ᠪᠠᠶᠢᠮᠠᠨ ᠰᠠᠶ᠋ᠢ ᠥᠪᠡᠷ ᠤᠨ ᠪᠣᠷᠣᠭᠤ ᠪᠠᠨ ᠮᠡᠳᠡ︕ ᠪᠢᠳᠡᠭᠡᠢ ᠵᠠᠪᠠᠯ ᠮᠣᠨᠳᠠᠭ ᠪᠠᠶᠠᠨ ᠪᠣᠯᠣᠭᠰᠠᠨ ᠤ ᠳᠠᠷᠠᠭ᠎ᠠ ᠰᠠᠶ᠋ᠢ ᠶᠠᠳᠠᠭᠤ ᠬᠥᠮᠥᠰ ᠢ ᠬᠠᠪᠰᠣᠷᠬᠤ ᠭᠡᠵᠤ ᠬᠥᠯᠢᠶᠡ︕ ᠪᠢᠳᠡᠭᠡᠢ ᠥᠬᠦᠬᠦ ᠴᠠᠭ ᠬᠥᠷᠥᠭᠡᠳ ᠰᠠᠶ᠋ᠢ ᠠᠮᠢᠳᠣᠷᠠᠯ ᠢ ᠥᠨᠡᠨᠬᠦ ᠬᠠᠶᠢᠷᠠᠯᠠᠭᠰᠠᠨ ᠥᠭᠡᠢ ᠭᠡᠵᠤ ᠭᠡᠮᠰᠢ︕  
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ