ᠳᠡᠭᠰᠢᠵᠢᠷᠭᠠᠯ᠂ 1973 ᠤᠨ ᠤ 8 ᠰᠠᠷ᠎ᠠ ᠶᠢᠨ 27 ᠤ ᠡᠳᠤᠷ ᠵᠢᠷᠢᠮ ᠠᠶᠢᠮᠠᠭ ᠤᠨ ︵ᠤᠳᠤ ᠶᠢᠨ ᠳᠦᠩᠯᠢᠶᠤ ᠬᠤᠳᠠ︶ ᠬᠦᠷᠢᠶ᠎ᠠ ᠬᠤᠰᠢᠭᠤᠨ ᠤ | ᠮᠠᠩᠬᠠᠨ ᠰᠤᠮᠤ ᠶᠢᠨ ᠨᠠᠷᠢᠨᠳᠠᠯᠠ ᠭᠠᠴᠠᠭᠠᠨ ᠤ ᠰᠤᠷᠪᠤᠯᠵᠢᠯᠠᠯᠳᠦ ᠶᠠᠰᠦ ᠪᠠᠷᠢᠬᠤ ᠡᠷᠦᠬᠡ ᠲᠦᠷᠪᠧ ᠶᠢᠨ ᠬᠤᠶᠠᠳᠤᠭᠠᠷ ᠬᠦᠪᠡᠭᠦᠨ ᠪᠤᠯᠵᠦ ᠵᠢᠶᠠᠭᠠᠵᠠᠢ᠃ ᠳᠡᠷᠡ | ᠨᠠᠢᠮᠠᠠ ᠨᠠᠰᠦᠨ ᠠᠴᠠ ᠡᠬᠢᠯᠡᠵᠦ ᠭᠡᠷ ᠪᠦᠯᠢ ᠶᠢᠨ ᠤᠯᠠᠮᠵᠢᠯᠠᠯᠳᠦ ᠶᠠᠰᠦ ᠪᠠᠷᠢᠬᠤ ᠮᠡᠷᠭᠡᠵᠢᠯ ᠢ ᠤᠯᠠᠮᠵᠢᠯᠠᠨ ᠰᠤᠷᠬᠤ ᠶᠢᠨ ᠳᠠᠭᠠᠤ ᠪᠤᠷᠵᠢᠭᠢᠨ ᠶᠠᠰᠦ ᠪᠠᠷᠢᠬᠤ ᠡᠮᠨᠡᠯᠭᠡ | ᠶᠢᠨ ᠬᠤᠷᠢᠶᠠᠨ ᠤ ᠪᠤᠤ ᠷᠢᠨᠴᠢᠨᠵᠤᠩᠨᠠᠢ ᠪᠠᠭᠰᠢ ᠠᠴᠠ ᠰᠢᠰᠲ᠋ᠧᠮ ᠲᠠᠢ ᠤᠨᠤᠯ ᠪᠠ ᠶᠠᠰᠦ ᠪᠠᠷᠢᠬᠤ ᠠᠷᠭ᠎ᠠ ᠪᠠᠷᠢᠯ ᠢ ᠰᠤᠷᠪᠠ᠃1994 ᠤᠨ ᠳᠤ ᠦᠪᠦᠷ ᠮᠤᠩᠭᠤᠯ | ᠤᠨ ᠡᠮᠨᠡᠯᠭᠡ ᠶᠢᠨ ᠳᠡᠭᠡᠳᠦ ᠰᠤᠷᠭᠠᠭᠤᠯᠢ ᠵᠢᠨᠮᠤᠩᠭᠤᠯ ᠡᠮᠨᠡᠯᠭᠡ ᠶᠢᠨ ᠳᠤᠰᠬᠠᠢ ᠠᠩᠬᠢ ᠠᠴᠠ ᠳᠡᠭᠦᠰᠴᠦ ᠳᠤᠰ ᠵᠢᠯ ᠳᠤ ᠪᠠᠨ ᠤᠷᠳᠤᠰ ᠬᠤᠳᠠ ᠶᠢᠨ ᠤᠳᠤᠭ | ᠬᠤᠰᠢᠭᠤᠨ ᠳᠤ ᠢᠷᠡᠵᠦ᠂ ᠮᠤᠩᠭᠤᠯ ᠡᠮᠨᠡᠯᠭᠡ ᠶᠢᠨ ᠤᠯᠠᠮᠵᠢᠯᠠᠯᠳᠦ ᠶᠠᠰᠦ ᠪᠠᠷᠢᠬᠤ ᠡᠭᠦᠳᠡᠨ ᠡᠮᠨᠡᠯᠭᠡ ᠶᠢ ᠡᠷᠬᠢᠯᠡᠨ ᠪᠠᠶᠢᠭᠤᠯᠵᠦ᠂ ᠡᠭᠦᠨ ᠳᠤ᠂ 1994 ᠤᠨ | ᠠᠴᠠ 2007 ᠤᠨ ᠪᠤᠯᠳᠠᠯ᠎ᠠ ᠤᠷᠳᠤᠰ ᠬᠤᠳᠠ ᠶᠢᠨ ᠡᠯ᠎ᠡ ᠬᠤᠰᠢᠭᠤ ᠵᠢᠴᠢ ᠢᠷᠭᠠᠢ ᠬᠤᠳᠠ᠂ ᠦᠬᠠᠢ ᠬᠤᠳᠠ᠂ ᠪᠠᠶᠠᠨᠨᠠᠭᠤᠷ᠂ ᠠᠯᠠᠱᠠ᠂ ᠱᠠᠨ ᠰᠢ᠂ ᠪᠡᠭᠡᠵᠢᠩ | ᠂ ᠪᠤᠭᠤᠳᠦ᠂ ᠶᠠᠫᠤᠨ᠂ ᠮᠤᠩᠭᠤᠯ ᠤᠯᠤᠰ ᠵᠡᠷᠭᠡ ᠭᠠᠳᠠᠭᠠᠳᠦ ᠳᠤᠳᠤᠭᠠᠳᠦ ᠶᠢᠨ ᠨᠠᠢᠮᠠᠨ ᠲᠦᠮᠡᠨ ᠭᠠᠷᠤᠢ ᠡᠪᠡᠳᠴᠢᠳᠡᠨ ᠢ ᠬᠦᠯᠢᠶᠠᠨ ᠠᠪᠴᠦ ᠡᠮᠴᠢᠯᠡᠭᠡᠳᠬᠤᠯᠠ | ᠤᠶᠢᠷ᠎ᠠ ᠳᠠᠭᠠᠨ ᠠᠯᠳᠠᠷᠰᠢᠪᠠ᠃ 1995 ᠤᠨ ᠳᠤ ᠤᠳᠤᠭ ᠬᠤᠰᠢᠭᠤᠨ ᠤ ᠦᠨᠳᠦᠰᠦᠳᠡᠨ ᠤ ᠰᠤᠶᠤᠯ ᠵᠠᠪᠰᠡᠭ ᠤᠨ ᠡᠷᠳᠡᠮ ᠤᠨ ᠤᠷᠳᠤᠨ ᠤ ᠡᠭᠦᠰᠭᠡᠨ | ᠪᠠᠶᠢᠭᠤᠯᠵᠦ᠂ ᠪᠠᠭᠠᠴᠤᠳ ᠬᠡᠤᠬᠡᠳ ᠤᠨ ᠪᠡᠶ᠎ᠡ ᠴᠢᠭᠢᠷᠠᠭᠵᠢᠭᠤᠯᠬᠤ ᠰᠤᠶᠤᠯ ᠳᠠᠮᠢᠷ ᠤᠨ ᠬᠦᠳᠡᠯᠭᠡᠭᠡᠨ ᠢ ᠦᠷᠨᠢᠭᠦᠯᠦᠭᠰᠡᠨ ᠪᠦᠭᠡᠳᠵᠡᠪᠰᠡᠭ ᠤᠨ ᠡᠷᠳᠡᠮ ᠤᠨ ᠤᠨᠴᠠ | ᠰᠤᠷᠭᠠᠭᠴᠢ ᠪᠠᠷ ᠦᠨᠡᠯᠡᠭᠳᠡᠪᠡ᠃2007 ᠤᠨ ᠳᠤ ᠤᠳᠤᠭ ᠬᠤᠰᠢᠭᠤᠨ ᠤ ᠬᠠᠶᠢᠳᠠᠢ ᠭᠠᠴᠠᠭᠠᠨ ᠤ ᠭᠠᠵᠠᠷ ᠳᠠᠬᠢ ᠯᠠᠮᠠ ᠶᠢᠨ ᠰᠦᠮ᠎ᠡ ᠶᠢ ᠰᠢᠨᠡᠳᠭᠡᠨ | ᠪᠠᠶᠢᠭᠤᠯᠪᠠ᠃ ᠮᠦᠨ ᠴᠦ ᠤᠳᠤᠭ ᠬᠤᠰᠢᠭᠤᠨ ᠤ ᠮᠤᠩᠭᠤᠯ ᠰᠤᠷᠭᠠᠭᠤᠯᠢ ᠶᠢᠨ ᠵᠡᠮᠳᠡᠭ᠂ ᠶᠠᠳᠠᠭᠤ ᠬᠦᠴᠢᠷᠳᠠᠢ ᠦᠨᠦᠴᠢᠨ ᠰᠤᠷᠤᠭᠴᠢ ᠶᠢ ᠢᠪᠡᠭᠡᠨ ᠳᠡᠳᠭᠦᠬᠦ | ᠠᠵᠢᠯ ᠢ ᠦᠷᠨᠢᠭᠦᠯᠦᠭᠰᠡᠭᠡᠷ ᠢᠷᠡᠪᠡ᠃ 2007 ᠤᠨ ᠳᠤ ᠤᠳᠤᠭ ᠬᠤᠰᠢᠭᠤᠨ ᠤ ᠮᠤᠩᠭᠤᠯ ᠡᠮᠨᠡᠯᠭᠡ ᠶᠢᠨ ᠬᠤᠷᠢᠶᠠᠨ ᠠᠴᠠ ᠤᠨᠴᠠ ᠤᠷᠢᠵᠦ ᠶᠠᠰᠦᠨ ᠰᠠᠯᠠᠭᠠᠨ | ᠤ ᠳᠤᠰᠬᠠᠢ ᠮᠡᠷᠭᠡᠵᠢᠯᠳᠡᠨ ᠢᠶᠠᠷ ᠰᠢᠯᠵᠢᠭᠦᠯᠦᠨ ᠠᠪᠴᠢᠷᠠᠪᠠ᠃ ᠡᠮᠴᠢᠯᠡᠭᠡᠨ ᠤ ᠰᠤᠳᠤᠯᠭᠠᠨ ᠳᠤ ᠬᠦᠴᠦ ᠳᠠᠯᠪᠢᠵᠦ ︽ᠳᠤᠬᠤᠢ ᠦᠶ᠎ᠡ ᠶᠢᠨ ᠱᠤᠩᠳᠤᠩ ᠤᠨ | ᠳᠡᠭᠡᠷᠡᠬᠢ ᠬᠤᠭᠤᠷᠠᠯᠳᠠ︾᠂ ︽ᠡᠪᠤᠳᠦᠭ ᠤᠨ ᠦᠶ᠎ᠡ ᠶᠢᠨ ᠳᠠᠯ᠎ᠠ ᠰᠠᠷᠠᠨ ᠬᠡᠯᠪᠡᠷᠢᠳᠦ ᠮᠦᠭᠡᠷᠡᠰᠦᠨ ᠤ ᠭᠡᠮᠳᠦᠯ︾᠂ ︽ᠮᠦᠷᠦ ᠦᠶ᠎ᠡ ᠶᠢᠨ ᠠᠳᠬᠤᠭᠠᠯ ᠶᠠᠰᠦᠨ | ᠤ ᠬᠦᠵᠦᠬᠦᠦ ᠶᠢᠨ ᠬᠤᠭᠤᠷᠠᠯᠳᠠ︾ ᠵᠡᠷᠭᠡ ᠵᠡᠷᠭᠡ ᠳᠦᠴᠢ ᠭᠠᠷᠤᠢ ᠬᠤᠪᠢ ᠦᠭᠦᠯᠠᠯ ᠪᠢᠴᠢᠵᠦ ᠨᠠᠶᠢᠳᠠᠯᠡᠭᠦᠯᠦᠨ ᠤᠯᠤᠰ ᠤᠷᠤᠨ ᠤ ᠬᠤᠳᠠ ᠶᠢᠨ ᠳᠡᠰ ᠶᠢᠨ | ᠱᠠᠩᠨᠠᠯ ᠬᠦᠬᠢᠭᠦᠯᠦᠯ ᠬᠦᠷᠳᠡᠵᠦ ᠦᠩᠭᠡᠷᠡᠪᠡ᠃ 2007 ᠤᠨ ᠳᠤ ︽ᠮᠤᠩᠭᠤᠯ ᠡᠮᠨᠡᠯᠭᠡ ᠶᠢᠨ ᠭᠠᠳᠠᠷ ᠵᠠᠰᠠᠯ ᠤᠨ ᠤᠬᠠᠭᠠᠨ︾ ᠪᠠ ︽ᠢᠯᠢᠬᠦ ᠵᠠᠰᠠᠯ ᠪᠠᠷ | ᠡᠪᠡᠳᠴᠢᠨ ᠠᠨᠠᠭᠠᠬᠤ ᠤᠬᠠᠭᠠᠨ︾ ᠭᠡᠬᠦ ᠨᠤᠮ ᠢᠶᠠᠨ ᠦᠪᠤᠷ ᠮᠤᠩᠭᠤᠯ ᠤᠨ ᠰᠤᠶᠤᠯ ᠤᠨ ᠬᠡᠪᠯᠡᠯ ᠤᠨ ᠬᠤᠷᠢᠶ᠎ᠠ ᠠᠴᠠ ᠬᠡᠪᠯᠡᠭᠦᠯᠵᠦ ᠤᠷᠳᠤᠰ ᠤᠨ ᠬᠡᠪᠴᠢᠶᠠᠨ | ᠳᠠᠬᠢ ᠤᠯᠠᠮᠵᠢᠯᠠᠯᠳᠦ ᠭᠠᠳᠠᠷ ᠵᠠᠰᠠᠯ ᠤᠨᠤᠬᠠᠭᠠᠨ ᠤ ᠬᠤᠭᠤᠰᠤᠨ ᠢ ᠨᠦᠬᠦᠪᠦᠷᠢᠯᠡᠭᠰᠡᠨ ᠪᠠᠶᠢᠨ᠎ᠠ᠃ ᠡᠭᠦᠨ ᠠᠴᠠ ᠭᠠᠳᠠᠨ᠎ᠠ 1990 ᠤᠨ ᠠᠴᠠ ᠡᠳᠦᠭᠡ | ᠪᠤᠯᠳᠠᠯ᠎ᠠ ᠴᠤᠪᠤᠷᠠᠯ ᠨᠤᠮ ︽ᠳᠡᠭᠰᠢᠵᠢᠷᠭᠠᠯ ᠤᠨ ᠡᠮᠴᠢᠯᠡᠭᠰᠡᠨ ᠳᠤᠷᠰᠢᠯᠭ᠎ᠠ︾᠂ ︽ᠤᠯᠠᠮᠵᠢᠯᠠᠯᠳᠦ ᠶᠠᠰᠦ ᠪᠠᠷᠢᠬᠤ︾᠂ ︽ᠰᠤᠭᠳᠤᠭᠤ ᠨᠢᠳᠤᠷᠭ᠎ᠠ︾᠂ ︽ | ᠪᠠᠭᠠᠴᠤᠳ ᠤᠨ ᠵᠡᠪᠰᠡᠭ ᠤᠨ ᠡᠷᠳᠡᠮ︾ ᠵᠡᠷᠭᠡ ᠨᠤᠮ ᠤᠳ ᠢ ᠠᠵᠢᠯ ᠤᠨ ᠴᠢᠯᠦᠭᠡᠨ ᠳᠡᠭᠡᠨ ᠳᠤᠭᠤᠷᠪᠢᠭᠰᠠᠨ ᠪᠠᠶᠢᠨ᠎ᠠ᠃ 2010 ᠤᠨ ᠳᠤ ︽ᠤᠳᠠᠴᠢ ᠶᠢᠨ | ᠵᠤᠯᠠ︾ ᠭᠡᠬᠦ ᠳᠦᠴᠢᠨ ᠳᠦᠮᠡᠨ ᠦᠰᠦᠭ ᠤᠨ ᠨᠠᠷᠠᠳᠦ ᠠᠨᠠᠭᠠᠬᠤ ᠤᠬᠠᠭᠠᠨᠳᠠᠳ ᠤᠨ ᠰᠤᠳᠤᠨ ᠳᠤᠷᠰᠢᠯᠭ᠎ᠠ ᠶᠢ ᠡᠮᠬᠢᠳᠭᠡᠭᠰᠡᠨ ᠨᠤᠮ ᠢᠶᠠᠨ ᠦᠪᠤᠷ ᠮᠤᠩᠭᠤᠯ ᠤᠨ | ᠠᠷᠠᠳ ᠤᠨ ᠬᠡᠪᠯᠡᠯ ᠤᠨ ᠬᠤᠷᠢᠶᠠᠨ ᠳᠤ ᠬᠡᠪᠯᠡᠭᠦᠯᠪᠡ᠃ ᠡᠨᠡᠬᠦ ᠬᠤᠷᠢ ᠭᠠᠷᠤᠢ ᠵᠢᠯ ᠤᠨ ᠳᠤᠷᠰᠢᠳᠠ ᠳᠤᠰ ᠭᠠᠵᠠᠷ ᠤᠷᠤᠨ ᠤ ᠪᠤᠶᠢᠳᠠ ᠪᠦᠭᠯᠡᠭᠦᠦ ᠵᠢᠴᠢ ᠠᠷᠠᠳ | ᠤᠨ ᠠᠮᠢᠳᠤᠷᠠᠯ ᠤᠨ ᠬᠦᠴᠢᠷᠳᠡᠯᠳᠡᠢ ᠪᠠᠶᠢᠳᠠᠯ ᠳᠤ ᠴᠢᠭᠯᠡᠭᠦᠯᠦᠨ ᠵᠤᠭᠤᠰ ᠲᠠᠢ ᠴᠦ ᠪᠤᠯᠤᠭ ᠵᠤᠭᠤᠰ ᠦᠭᠡᠢ ᠴᠦ ᠪᠤᠯᠤᠭ ᠳᠦᠷᠭᠡᠨ ᠠᠪᠤᠷᠠᠯᠳᠠ ᠬᠢᠬᠦ ᠶᠢ ᠦᠪᠡᠷ | ᠤᠨ ᠡᠮᠴᠢᠯᠡᠭᠡᠨ ᠤ ᠠᠵᠢᠯ ᠤᠨ ᠴᠢᠬᠤᠯᠠ ᠵᠦᠭᠯᠡᠭᠦᠷ ᠠᠶᠠᠨ ᠪᠤᠯᠭᠠᠭᠰᠠᠭᠠᠷ ᠢᠷᠡᠭᠰᠡᠨ ᠨᠢ ᠳᠦᠮᠡᠨ ᠤ ᠬᠦᠷᠢᠶᠠᠯᠠᠯ ᠢ ᠤᠯᠤᠭᠰᠠᠨ ᠪᠠᠶᠢᠨ᠎ᠠ᠃ ᠲᠡᠷᠡ ᠡᠳᠡᠭᠡᠷ ᠵᠢᠯ | ᠤᠳ ᠲᠤ ᠳᠤᠮᠳᠠᠳᠦ ᠣᠯᠣᠰ ᠤᠨᠠᠨᠠᠲ᠋ᠤᠮᠢ ᠶᠢᠨ ᠰᠤᠳᠤᠯᠤᠯ ᠤᠨ ᠭᠡᠰᠢᠭᠦᠨ᠂ ᠮᠤᠩᠭᠤᠯ ᠡᠮᠨᠡᠯᠭᠡ ᠶᠢᠨ ᠵᠠᠯᠭᠠᠮᠵᠢᠯᠡᠬᠤ ᠠᠵᠢᠯ ᠤᠨ ᠮᠡᠷᠭᠡᠵᠢᠯ ᠳᠤᠷᠰᠢᠯᠭ᠎ᠠ ᠶᠢ | ᠵᠢᠭᠠᠨᠵᠢᠯᠤᠭᠤᠳᠤᠭᠴᠢ ᠪᠠᠭᠰᠢ᠂ ᠦᠪᠦᠷ ᠮᠤᠩᠭᠤᠯ ᠡᠮ ᠡᠮᠨᠡᠯᠭᠡ ᠶᠢᠨ ᠨᠡᠶᠢᠭᠡᠮᠯᠢᠭ ᠤᠨ ᠭᠡᠰᠢᠭᠦᠨ᠂ ᠣᠷᠳᠣᠰ ᠬᠤᠳᠠ ᠶᠢᠨ ᠡᠮ ᠡᠮᠨᠡᠯᠭᠡ ᠶᠢᠨ ᠨᠡᠶᠢᠭᠡᠮᠯᠢᠭ ᠤᠨ | ᠬᠡᠷᠡᠭ ᠡᠷᠬᠢᠯᠡᠭᠴᠢ᠂ ᠮᠤᠩᠭᠤᠯ ᠵᠠᠩ ᠦᠢᠯᠡ ᠶᠢᠨ ᠰᠣᠳᠤᠯᠤᠯ᠂ ᠬᠠᠭᠤᠴᠢ ᠰᠤᠳᠤᠯᠤᠯ ᠤᠨ ᠭᠡᠰᠢᠭᠦᠨ᠂ 2010 ᠤᠨ ᠳᠤ ᠤᠷᠳᠤᠰ ᠬᠤᠳᠠ ᠶᠢᠨ ᠤᠳᠤᠭ | ᠬᠤᠰᠢᠭᠤᠨ ᠤ ᠠᠷᠪᠠᠨ ᠰᠤᠳᠤᠨ ᠵᠠᠯᠠᠭᠤᠴᠤᠳ ᠤᠨ ᠨᠢᠭᠡ ᠪᠠᠷ ᠰᠤᠩᠭᠤᠭᠳᠠᠪᠠ᠃ 2011 ᠤᠨ ᠳᠤ ︽5.4 ᠵᠠᠯᠠᠭᠤᠴᠤᠳ ᠶᠢᠨ ᠱᠠᠩᠨᠠᠯ︾ ᠢ ᠤᠯᠪᠠ᠃ | 2012 ᠣᠨ 8 ᠰᠠᠷ᠎ᠠ ᠶᠢᠨ 15 ᠤ ᠡᠳᠣᠷ ᠣᠷᠳᠣᠰ ᠬᠤᠳᠠ ᠶᠢᠨ ᠮᠤᠩᠭᠤᠯ ᠡᠮᠨᠡᠯᠭᠡ ᠶᠢᠨ ᠣᠯᠠᠮᠵᠢᠯᠠᠯᠳᠣ ᠶᠠᠰᠣᠨ ᠭᠡᠮᠳᠣᠯ ᠢ ᠡᠮᠴᠢᠯᠡᠨ ᠰᠣᠳᠣᠯᠬᠤ ᠲᠦᠪ ᠢ | ᠤᠳᠤᠭ ᠤᠩᠭᠤᠯ ᠡᠮᠨᠯᠭᠡ ᠶᠢᠨ ᠬᠤᠷᠢᠶᠠᠨ ᠳᠤ ᠵᠢᠩᠭᠢᠨᠢ ᠪᠠᠷ ᠪᠠᠶᠢᠭᠤᠯᠪᠠ᠃ | | ︽ᠤᠲᠤᠭ ᠬᠤᠰᠢᠭᠤᠨ ᠤ ᠮᠤᠩᠭᠤᠯ ᠦᠨᠳᠦᠰᠦᠲᠡᠨ ᠤ ᠪᠤᠳᠠᠰ ᠤᠨ ᠪᠤᠰᠤ ᠰᠤᠶᠤᠯ ᠤᠨ ᠥᠪ︾ | ᠪᠠᠢ ᠭᠡᠷᠡᠯᠲᠦ ᠭᠤᠤᠯᠯᠠᠨ ᠨᠠᠶᠢᠷᠠᠭᠤᠯᠪᠠ ︵ᠤᠲᠤᠭ ᠬᠤᠰᠢᠭᠤᠨ ᠤ ᠤᠯᠤᠰ ᠲᠦᠷᠦ ᠶᠢᠨ ᠵᠥᠪᠯᠡᠯᠭᠡᠨ︶ | | |