ᠮᠤᠩᠭᠤᠯᠴᠤᠳ ᠤᠨ ᠭᠡᠮᠨᠡᠬᠦᠷ ᠤᠨ ᠰᠤᠶᠤᠯ
ᠨᠡᠶᠢᠲᠡᠯᠡᠭᠰᠡᠨ ᠴᠠᠭ᠄
2023/6/25
      ᠡᠷᠳᠡᠡ ᠤ ᠥᠶ᠎ᠠ ᠳᠤ ᠬᠥᠮᠤᠨ ᠲᠥᠷᠤᠯᠬᠢᠳᠡᠡ ᠴᠠᠭ ᠤᠨ ᠭᠡᠮᠵᠢᠬᠦᠷ᠂ ᠤᠷᠳᠤ ᠶᠢᠨ ᠭᠡᠮᠵᠢᠬᠦᠷ᠂ ᠶᠡᠭᠡ ᠪᠠᠭ᠎ᠠ ᠶᠢᠨ ᠭᠡᠮᠨᠡᠬᠦᠷ ᠵᠡᠷᠭᠡ ᠪᠠᠭᠠᠵᠢ ᠭᠡᠷᠡᠭᠰᠡᠯ ᠢ ᠡᠬᠦᠳᠴᠤ ᠭᠠᠷᠭᠠᠭᠠᠳᠤᠢ ᠪᠠᠶᠢᠭᠰᠠᠠ ᠥᠶ᠎ᠠ ᠳᠤ ᠤᠬᠠᠭᠠᠠᠳᠤ ᠲᠡᠭᠡᠳᠤᠰ ᠮᠢᠨᠢ ᠪᠠᠶᠢᠭᠠᠯᠢ ᠤᠷᠴᠢᠨ ᠤ ᠬᠤᠪᠢᠷᠠᠯᠳᠠ᠂ ᠠᠮᠢᠳᠡᠡ ᠵᠢᠬᠦᠷᠳᠡᠡ ᠤ ᠲᠠᠭᠤ ᠲᠥᠷᠰᠤ᠂ ᠪᠠᠶ᠎ᠠ ᠶᠢᠨ ᠡᠷᠭᠡᠳᠡᠡ ᠁ ᠵᠡᠷᠭᠡ ᠶᠢ ᠨᠠᠷᠢᠨ ᠬᠢᠷᠠᠬᠠᠶᠢᠢᠯᠠᠵᠤ ᠠᠰᠢᠠᠠᠯᠠᠠ ᠴᠠᠭ ᠬᠤᠭᠤᠴᠠᠭ᠎ᠠ᠂ ᠤᠷᠳᠤ ᠶᠢᠨ ᠭᠡᠮᠵᠢᠶ᠎ᠠ᠂ ᠶᠡᠭᠡ ᠪᠠᠭ᠎ᠠ ᠶᠢᠨ ᠭᠡᠮᠵᠢᠶ᠎ᠠ ᠵᠡᠷᠭᠡ ᠶᠢ ᠭᠡᠮᠵᠢᠶᠡᠯᠠᠠ ᠲᠤᠠᠠᠳᠠᠭᠠᠳᠠᠭ ᠵᠠᠩ ᠦᠢᠯᠡ ᠶᠢ ᠡᠬᠦᠳᠤᠨ ᠪᠥᠳᠥᠭᠡᠭᠰᠡᠡ ᠪᠠᠶᠢᠨ᠎ᠠ᠃ ᠡᠨᠡ ᠬᠦ ᠵᠠᠩ ᠦᠢᠯᠡ ᠨᠢ ᠲᠤᠬᠠᠢ ᠶᠢᠨ ᠥᠶ᠎ᠠ ᠳᠤ ᠬᠥᠮᠤᠰ ᠤᠨ ᠥᠢᠯᠡᠳᠪᠤᠷᠢᠯᠠᠯ ᠠᠮᠢᠳᠤᠷᠠᠯ ᠳᠤ ᠶᠡᠭᠡ ᠲᠥᠬᠦᠮ ᠥᠵᠡᠬᠦᠯᠥᠭᠰᠡᠡ ᠢᠶᠠᠷ ᠥᠯᠤ ᠪᠠᠷᠠᠮ ᠮᠤᠩᠭᠤᠯ ᠭᠡᠯᠡᠡ ᠤ ᠥᠭᠡᠰ ᠤᠨ ᠰᠠᠩ ᠢ ᠪᠠᠶᠠᠯᠢᠠᠠᠵᠢᠭᠤᠯᠵᠤ᠂ ᠤᠳᠤᠬᠠᠠ ᠳᠤ ᠬᠥᠷᠳᠡᠯ᠎ᠠ ᠤᠯᠠᠮᠵᠢᠯᠠᠭᠳᠠᠨ ᠬᠡᠷᠡᠭᠯᠡᠭᠳᠡᠭᠰᠡᠭᠡᠷ ᠪᠠᠶᠢᠨ᠎ᠠ᠃       ᠨᠢᠭᠡ᠂ ᠪᠡᠶ᠎ᠠ ᠶᠢᠨ ᠡᠷᠭᠡᠳᠡᠡ ᠢᠶᠠᠷ ᠢᠶᠠᠨ ᠭᠡᠮᠵᠢᠶᠡᠯᠡᠬᠦ ᠬᠡᠮᠨᠡᠭᠦᠷ ᠦᠭᠡᠰ᠄ 1᠂ ᠠᠯᠳᠠ᠄ ᠲᠤᠮᠤᠴᠤᠤᠯ ᠤᠨ ᠪᠠᠷᠠᠭᠤᠨ ᠭᠠᠷ ᠤᠨ ᠲᠤᠮᠳᠠ ᠬᠤᠷᠤᠭᠤᠨ ᠤ ᠥᠵᠤᠬᠦᠷ ᠠᠴᠠ ᠵᠡᠬᠦᠨ ᠭᠠᠷ ᠤᠨ ᠲᠤᠮᠳᠠ ᠬᠤᠷᠤᠭᠤᠨ ᠤ ᠥᠵᠤᠬᠦᠷ ᠬᠥᠷᠳᠡᠯ᠎ᠠ ᠲᠡᠯᠡᠭᠰᠡᠡ ᠵᠠᠢ ᠶᠢ ᠠᠯᠳᠠ ᠭᠡᠨ᠎ᠠ᠃ ᠨᠢᠭᠡ ᠠᠯᠳᠠ ᠨᠢ ᠪᠠᠷᠤᠭ 5 ᠲᠣᠬᠤᠢ ᠣᠷᠴᠢᠮ ᠪᠠᠶᠢᠳᠠᠭ᠃ 2᠂ ᠲᠠᠯᠢᠮ᠄ ᠲᠤᠮᠤᠴᠤᠤᠯ ᠤᠨ ᠪᠡᠶ᠎ᠠ ᠶᠢᠨ ᠭᠤᠤᠯ ᠲᠤᠮᠳᠠ ᠠᠴᠠ ᠨᠢᠭᠡ ᠭᠠᠷ ᠤᠨ ᠲᠤᠮᠳᠠ ᠬᠤᠷᠤᠭᠤᠨ ᠤ ᠥᠵᠤᠬᠦᠷ ᠬᠥᠷᠬᠦ ᠵᠠᠢ ᠶᠢ ᠳᠠᠯᠢᠮ ᠭᠡᠨ᠎ᠠ᠃ ᠬᠠᠭᠠᠰ ᠠᠯᠳᠠ ᠲᠠᠢ ᠲᠡᠩᠴᠡᠳᠡᠭ᠃ 3᠂ ᠲᠤᠬᠤᠢ᠄ ᠲᠤᠮᠤᠴᠤᠤᠯ ᠤᠨ ᠲᠤᠬᠤᠢ ᠶᠢᠨ ᠥᠵᠤᠬᠦᠷ ᠠᠴᠠ ᠨᠢᠳᠤᠷᠭᠠᠨ ᠤ ᠦᠵᠦᠭᠦᠷ ᠬᠦᠷᠬᠦ ᠵᠠᠢ ᠶᠢ ᠲᠣᠬᠤᠢ ᠭᠡᠨ᠎ᠠ᠃ 4᠂ ᠲᠥᠭᠡ᠄ ᠭᠠᠷ ᠤᠨ ᠲᠤᠮᠳᠠ ᠬᠤᠷᠤᠭᠤ ᠪᠤᠯᠤᠨ ᠡᠷᠡᠭᠡᠢ ᠬᠤᠷᠤᠭᠤᠨ ᠤ ᠲᠡᠯᠡᠭᠰᠡᠨ ᠵᠠᠢ ᠶᠢ ᠲᠥᠭᠡ ᠭᠡᠨ᠎ᠡ᠃ 5᠂ ᠰᠥᠬᠦᠮ᠄ ᠭᠠᠷ ᠤᠨ ᠬᠤᠮᠤᠬᠠᠢ ᠬᠤᠷᠤᠭᠤ ᠪᠤᠯᠤᠨ ᠡᠷᠡᠭᠡᠢ ᠬᠤᠷᠤᠭᠤᠨ ᠤ ᠲᠡᠯᠡᠭᠰᠡᠨ ᠵᠠᠢ ᠶᠢ ᠰᠥᠬᠦᠮ ᠭᠡᠨ᠎ᠠ᠃ 6᠂ ᠮᠤᠬᠤᠷ ᠰᠥᠬᠦᠮ᠄ ᠭᠠᠷ ᠤᠨ ᠬᠤᠮᠤᠬᠠᠢ ᠬᠤᠷᠤᠭᠤᠨ ᠤ ᠳᠤᠮᠳᠠ ᠦᠶ᠎ᠡ ᠪᠤᠯᠤᠨ ᠡᠷᠡᠭᠡᠢ ᠬᠤᠷᠤᠭᠤᠨ ᠤ ᠲᠡᠯᠡᠭᠰᠡᠡ ᠵᠠᠢ ᠶᠢ ᠮᠤᠬᠤᠷ ᠰᠥᠬᠦᠮ ᠭᠡᠨ᠎ᠠ᠃ 7᠂ ᠢᠮᠠᠬᠤ᠄ ᠭᠠᠷ ᠤᠨ ᠲᠤᠮᠳᠠ ᠬᠤᠷᠤᠭᠤᠨ ᠤ ᠲᠤᠮᠳᠠ ᠥᠶ᠎ᠠ ᠶᠢᠨ ᠤᠷᠲᠤ ᠶᠢ ᠢᠮᠠᠬᠤ ᠭᠡᠨ᠎ᠡ᠃ 8᠂ ᠴᠢᠮᠬᠢ᠄ ᠡᠷᠡᠭᠡᠢ ᠬᠤᠷᠤᠭᠤ ᠪᠤᠯᠤᠨ ᠬᠤᠮᠤᠬᠠᠢ ᠬᠤᠷᠤᠭᠤ ᠪᠠᠷ ᠢᠶᠠᠨ ᠴᠢᠮᠬᠢᠵᠤ ᠠᠪᠤᠭᠰᠠᠠ ᠢ ᠴᠢᠮᠬᠢ ᠭᠡᠨ᠎ᠠ᠃ ᠨᠢᠭᠡ ᠴᠢᠮᠬᠢ ᠭᠤᠯᠢᠷ᠂ ᠨᠢᠭᠡ ᠴᠢᠮᠬᠢ ᠠᠮᠤ ᠭᠡᠬᠦ ᠮᠡᠲᠦ᠃ 9᠂ ᠠᠳᠬᠤ᠄ ᠨᠢᠭᠡ ᠭᠠᠷ ᠢᠶᠠᠷ ᠢᠶᠠᠨ ᠤᠳᠬᠤᠵᠤ ᠠᠪᠤᠭᠰᠠᠠ ᠢ ᠠᠳᠬᠤ ᠭᠡᠨ᠎ᠠ᠃ ᠨᠢᠭᠡ ᠠᠳᠬᠤ ᠪᠤᠳᠠᠭ᠎ᠠ᠂ ᠨᠢᠭᠡ ᠠᠳᠬᠤ ᠭᠤᠯᠢᠷ ᠭᠡᠬᠦ ᠮᠡᠲᠦ᠃ 10᠂ ᠪᠢᠳᠡᠬᠦᠤ᠄ ᠬᠤᠶᠠᠷ ᠭᠠᠷ ᠢᠶᠠᠨ ᠨᠠᠶᠢᠯᠡᠬᠦᠯᠵᠤ ᠪᠠᠶᠢᠭᠠᠳ ᠤᠳᠬᠤᠵᠤ ᠠᠪᠤᠭᠰᠠᠠ ᠢ ᠨᠢᠭᠡ ᠪᠢᠳᠡᠬᠦᠤ ᠭᠡᠨ᠎ᠠ᠃ ᠨᠢᠭᠡ ᠪᠢᠲᠡᠭᠦᠦ ᠠᠮᠤ ᠭᠡᠬᠦ ᠮᠡᠲᠦ᠃ 11᠂ ᠲᠠᠪᠠᠷᠢ᠄ ᠬᠤᠶᠠᠷ ᠭᠠᠷ ᠢᠶᠠᠷ ᠢᠶᠠᠨ ᠲᠠᠪᠠᠷᠢᠵᠤ ᠠᠪᠤᠭᠰᠠᠠ ᠢ ᠲᠠᠪᠠᠷᠢ ᠭᠡᠨ᠎ᠠ᠃ ᠨᠢᠭᠡ ᠲᠠᠪᠠᠷᠢ ᠲᠥᠯᠡᠭᠡ᠂ ᠲᠡᠪᠠᠷᠢ ᠪᠦᠳᠦᠭᠦᠨ ᠮᠣᠳᠣ ᠭᠡᠬᠦ ᠮᠡᠲᠦ᠃ 12᠂ ᠨᠢᠭᠡ ᠡᠮᠬᠦ᠂ ᠨᠢᠭᠡ ᠣᠭᠤᠴᠢ᠄ ᠠᠮᠠ ᠲᠥᠬᠦᠷᠳᠡᠯ᠎ᠠ ᠡᠮᠬᠦᠭᠰᠡᠡ ᠪᠤᠶᠤ ᠤᠭᠤᠴᠢᠭᠰᠠᠠ ᠢ ᠨᠢᠭᠡ ᠡᠮᠬᠦ ᠪᠤᠶᠤ ᠨᠢᠭᠡ ᠤᠭᠤᠴᠢ ᠭᠡᠨ᠎ᠠ᠃ ᠨᠢᠭᠡ ᠡᠮᠬᠦ ᠪᠤᠳᠠᠭ᠎ᠠ᠂ ᠨᠢᠭᠡ ᠤᠭᠤᠴᠢ ᠤᠰᠤ ᠭᠡᠬᠦ ᠮᠡᠲᠦ᠃ 13᠂ ᠠᠯᠠᠭᠠᠠ ᠬᠢᠷᠢ᠂ ᠨᠢᠳᠤᠨ ᠴᠢᠨᠡᠭᠡᠨ᠄ ᠲᠤᠩ ᠵᠢᠭᠠᠬᠠᠠ ᠶᠠᠭᠤᠮ᠎ᠠ ᠶᠢ ᠭᠡᠯᠡᠨ᠎ᠠ᠃ ᠠᠯᠠᠭᠠᠠ ᠬᠢᠷᠢ ᠭᠠᠵᠠᠷ᠂ ᠨᠢᠳᠤᠨ ᠴᠢᠨᠡᠭᠡᠨ ᠠᠶᠠᠭ᠎ᠠ ᠭᠡᠬᠦ ᠮᠡᠲᠦ᠃       ᠬᠤᠶᠠᠷ᠂ ᠪᠠᠶᠢᠭᠠᠯᠢ ᠶᠢᠨ ᠬᠤᠪᠢᠷᠠᠯᠳᠠ᠂ ᠠᠮᠢᠳᠠᠠ ᠤ ᠲᠠᠭᠤ ᠲᠥᠷᠰᠤ ᠪᠠᠷ ᠬᠡᠮᠵᠢᠶᠡᠯᠡᠭᠰᠡᠨ ᠬᠡᠮᠨᠡᠭᠦᠷ ᠦᠭᠡᠰ᠄ 1᠂ ᠴᠠᠭ ᠤᠨ ᠭᠡᠮᠨᠡᠬᠦᠷ ᠥᠭᠡ᠄ ᠲᠠᠬᠢᠶ᠎ᠠ ᠲᠥᠷᠤᠬᠦᠤ ᠲᠤᠤᠭᠠᠷᠬᠤ ᠥᠶ᠎ᠠ᠂ ᠴᠤᠯᠮᠤᠨ ᠭᠠᠷᠬᠤ ᠥᠶ᠎ᠠ᠂ ᠥᠤᠷ ᠤᠨ ᠭᠡᠭᠡ ᠰᠤᠪᠤᠷᠠᠬᠤ ᠥᠶ᠎ᠠ᠂ ᠠᠯᠠᠭᠠᠠ ᠵᠢᠷᠤᠭᠠᠰᠤ ᠬᠠᠷᠬᠠᠳᠠᠬᠤ ᠥᠶ᠎ᠠ᠂ ᠰᠢᠷ᠎ᠠ ᠪᠥᠷᠤᠢ᠂ ᠬᠠᠷ᠎ᠠ ᠪᠥᠷᠤᠢ᠂ ᠥᠳᠡ ᠭᠡᠯᠪᠠᠶᠢᠬᠦ ᠥᠶ᠎ᠠ᠂ ᠨᠠᠷᠠ ᠠᠯᠳᠠ ᠳᠡᠭᠡᠷ᠎ᠡ ᠮᠠᠨᠳᠤᠬᠤ ᠭᠡᠬᠦ ᠮᠡᠲᠦ᠃ 2᠂ ᠴᠠᠭ ᠤᠯᠠᠷᠢᠯ ᠤᠨ ᠭᠡᠮᠨᠡᠬᠦᠷ ᠥᠭᠡ᠄ ᠭᠠᠵᠠᠷ ᠡᠬᠢᠯᠡᠵᠤ ᠭᠡᠰᠬᠦ ᠳᠤ᠂ ᠬᠠᠭᠳᠠ ᠭᠥᠭᠡᠷᠡᠬᠦ ᠳᠤ᠂ ᠠᠬᠢ ᠨᠢᠳᠤᠯᠡᠬᠦ ᠳᠤ᠂ ᠢᠮᠠᠭ᠎ᠠ ᠰᠠᠮᠨᠠᠬᠤ ᠦᠶ᠎ᠡ᠂ ᠭᠠᠵᠠᠷ ᠬᠥᠯᠳᠡᠬᠦ ᠦᠶ᠎ᠡ ᠭᠡᠬᠦ ᠮᠡᠲᠦ᠃ 3᠂ ᠥᠠᠳᠤᠷ ᠪᠤᠭᠤᠨᠢ ᠬᠥᠨ ᠬᠥᠢᠭᠡᠨ ᠤ ᠭᠡᠮᠨᠡᠬᠦᠷ ᠥᠭᠡ᠄ ᠡᠪᠤᠳᠥᠭ ᠲᠤᠯᠤᠮ᠎ᠠ ᠬᠥᠨ᠂ ᠲᠥᠷᠤᠭᠡ ᠰᠢᠬᠦᠷᠡᠮ᠎ᠠ ᠥᠠᠳᠤᠷ᠂ ᠮᠤᠷᠢᠨ ᠨᠢᠷᠤᠭᠤ ᠲᠠᠪᠠᠮ᠎ᠠ ᠥᠨᠳᠥᠷ᠂ ᠪᠥᠰᠡᠯᠡᠬᠦᠷ ᠲᠤᠯᠤᠮ᠎ᠠ ᠤᠰᠤ ᠭᠡᠬᠦ ᠮᠡᠲᠦ᠃ 
ᠢᠷᠡᠯᠲᠡ᠄ ᠪᠠᠶᠠᠠᠨᠠᠭᠤᠷ ᠮᠤᠩᠭᠤᠯ ᠰᠦᠯᠵᠢᠶ᠎ᠠ