ᠪᠤᠷᠵᠢᠭᠢᠨ ᠤᠪᠤᠭᠲᠠᠨ ᠨᠢ ᠡᠷᠲᠡ ᠳᠡᠭᠡᠨ ᠬᠡᠷᠦᠯᠦᠨ᠂ ᠤᠨᠤᠨ᠂ ᠲᠤᠤᠯᠠ ᠭᠤᠷᠪᠠᠨ ᠭᠤᠤᠯ ᠤᠨ ᠠᠭᠤᠯᠵᠠᠭᠤᠷ ᠰᠠᠪᠠ ᠭᠠᠵᠠᠷ᠂ ᠪᠤᠷᠬᠠᠨ ᠬᠠᠯᠲᠤᠨ ᠤ | ᠦᠪᠦᠷ ᠳᠠᠬᠢ ᠬᠠᠷ᠎ᠠ ᠵᠢᠷᠦᠬᠡᠨ ᠤ ᠬᠦᠬᠡ ᠨᠠᠭᠤᠷ ᠢᠶᠠᠷ ᠨᠤᠲᠤᠭᠯᠠᠭᠰᠠᠨ ᠮᠣᠩᠭᠤᠯ ᠤᠭᠰᠠᠭᠠᠲᠠᠨ ᠤ ᠲᠦᠪ ᠠᠶᠢᠮᠠᠭ ᠤᠨ ᠨᠢᠭᠡ᠂ ᠨᠢᠷᠤᠭᠤᠨ ᠮᠣᠩᠭᠤᠯ ᠠᠶᠢᠮᠠᠭᠲᠠᠨ | ᠶᠤᠮ᠃ ᠪᠤᠲᠠᠨᠴᠢᠷ ᠤᠨ ᠠᠪᠠᠯᠢ ᠡᠬᠡᠨᠡᠷ ᠠᠴᠠ ᠲᠦᠷᠦᠭᠰᠡᠨ ᠬᠦᠪᠡᠭᠦᠨ ᠬᠠᠪᠢᠴᠢ ᠪᠠᠭᠠᠲᠤᠷ ᠭᠡᠳᠡᠭ ᠠᠴᠠ ᠬᠤᠶᠢᠰᠢ ᠤᠯᠠᠮᠵᠢᠯᠠᠭᠰᠠᠨ ᠬᠦᠪᠡᠭᠦᠳ ︵ᠵᠠᠯᠠᠭᠠᠨ ᠲᠦᠷᠦᠯ ︶ | ᠢ ᠮᠣᠩᠭᠤᠯ ᠤᠨ ᠪᠤᠷᠵᠢᠭᠢᠨ ᠣᠪᠤᠭᠲᠠᠨ ᠭᠡᠲᠡᠭ᠃ | ︽ᠨᠢᠭᠤᠴᠠ ᠲᠤᠪᠴᠢᠶᠠᠨ︾᠂ ︽ᠰᠡᠴᠡᠯᠡᠭᠴᠢᠳ ᠤᠨ ᠴᠢᠭᠤᠯᠭᠠᠨ ᠤ ᠨᠠᠮᠠᠭ᠎ᠠ︾ ᠁ ᠵᠡᠷᠭᠡ ᠰᠤᠷᠪᠤᠯᠵᠢ ᠪᠢᠴᠢᠭ ᠲᠤ ︽ᠲᠡᠮᠤᠵᠢᠨ ᠤ ︵ᠴᠢᠩᠭᠢᠰ | ᠬᠠᠭᠠᠨ︶ ᠢᠵᠠᠭᠤᠷ ᠠᠨᠤ ᠳᠡᠭᠡᠳᠦ ᠲᠡᠭᠷᠢ ᠠᠴᠠ ᠵᠠᠶᠠᠭᠠᠵᠦ ᠲᠦᠷᠦᠭᠰᠡᠨ ᠪᠦᠷᠲᠡ ᠴᠢᠨ᠋ᠸ᠎ᠠ᠂ ᠭᠡᠷᠭᠡᠢ ᠬᠤᠸᠠ ᠮᠠᠷᠠᠯ ᠲᠠᠩᠭᠢᠰ ᠬᠡᠲᠦᠯᠡᠨ ᠢᠷᠡᠵᠦ᠂ ᠤᠨᠤᠨ | ᠮᠦᠷᠠᠨ ᠤ ᠡᠬᠢ ᠪᠤᠷᠬᠠᠨ ᠬᠠᠯᠲᠤᠨ ᠳᠤ ᠨᠤᠲᠤᠭᠯᠠᠵᠦ ᠬᠦᠪᠡᠭᠦᠨ ᠪᠠᠲᠠᠴᠢ ᠪᠠᠭᠠᠲᠤᠷ ᠢ ᠲᠦᠷᠦᠪᠡ᠃ ᠪᠠᠲᠠᠴᠢ ᠪᠠᠭᠠᠲᠤᠷ — ᠲᠡᠮᠡᠴᠡ᠂ ᠲᠡᠭᠦᠨ ᠤ ᠬᠦᠪᠡᠭᠦᠨ | — ᠬᠤᠷᠢᠨᠴᠡᠷ ᠮᠡᠷᠭᠡᠨ᠂ ᠬᠤᠷᠢᠨᠴᠡᠷ ᠮᠡᠷᠭᠡᠨ ᠤ ᠬᠦᠪᠡᠭᠦᠨ ᠠᠭᠤᠵᠢᠮ ᠪᠤᠷᠤᠬᠤᠯ᠂ ᠠᠭᠤᠵᠢᠮ ᠪᠤᠷᠤᠬᠤᠯ ᠤᠨ ᠬᠦᠪᠡᠭᠦᠨ ᠰᠠᠯᠢ ᠬᠠᠴᠠᠭᠤ᠂ ᠰᠠᠯᠢ ᠬᠠᠴᠠᠭᠤ ᠶᠢᠨ | ᠬᠦᠪᠡᠬᠦᠨ — ᠶᠡᠭᠡ ᠨᠢᠳᠦᠨ᠂ ᠲᠡᠭᠦᠨ ᠤ ᠬᠦᠪᠡᠭᠦᠨ ᠰᠠᠮ ᠰᠤᠴᠢ᠂ ᠰᠠᠮ ᠰᠤᠴᠢ ᠶᠢᠨ ᠬᠦᠪᠡᠭᠦᠨ ᠬᠠᠷᠴᠤ᠂ ᠬᠠᠷᠴᠤ ᠢ ᠬᠦᠪᠡᠭᠦᠨ ᠪᠤᠷᠵᠢᠬᠢᠲᠠᠢ ᠮᠡᠷᠭᠡᠨ᠂ | ᠲᠡᠭᠦᠨ ᠤ ᠬᠦᠪᠡᠭᠦᠨ — ᠲᠤᠷᠤᠭᠤᠯᠵᠢᠨ ᠪᠠᠶᠠᠨ᠂ ᠲᠤᠷᠭᠤᠯᠵᠢᠨ ᠪᠠᠶᠠᠨ ᠤ ᠬᠦᠪᠡᠭᠦᠨ ᠲᠤᠸᠠ ᠰᠤᠬᠤᠷ᠂ ᠲᠤᠪᠤ ᠮᠡᠷᠭᠡᠨ ᠬᠤᠶᠠᠷ ᠬᠦᠪᠡᠭᠦᠨ ᠲᠠᠢ᠃ ᠲᠤᠪᠤ | ᠮᠡᠷᠭᠡᠨ — ᠪᠡᠯᠭᠦᠨᠤᠲᠠᠢ᠂ ᠪᠦᠬᠦᠨᠤᠲᠠᠢ᠂ ᠪᠤᠭᠤ ᠬᠠᠳᠠᠬᠢ᠂ ᠪᠤᠬᠠᠲᠦ ᠰᠠᠯᠵᠢ᠂ ᠪᠤᠲᠠᠨᠴᠡᠷ ᠮᠤᠩᠬᠠᠭ ᠲᠠᠪᠤᠨ ᠬᠦᠪᠡᠭᠦᠨ ᠲᠠᠢ᠂ ᠪᠤᠲᠠᠨᠴᠡᠷ ᠮᠤᠩᠬᠤᠭ ᠠᠴᠠ | ᠬᠠᠪᠢᠴᠢ ᠪᠠᠭᠠᠳᠤᠷ᠂ ᠵᠡᠭᠦᠷᠡᠲᠡᠢ ᠬᠡᠬᠦ ᠬᠤᠶᠠᠷ ᠬᠦᠪᠡᠭᠦᠨ ᠲᠠᠢ᠃ ᠬᠠᠪᠢᠴᠢ ᠪᠠᠭᠠᠲᠤᠷ — ᠮᠠᠨᠠᠨ ᠲᠤᠳᠤᠨ᠂ ᠲᠡᠭᠦᠨ ᠤ ᠬᠦᠪᠡᠭᠦᠨ ᠬᠠᠴᠢ ᠬᠦᠯᠦᠭ᠂ ᠬᠠᠴᠢ | ᠬᠦᠯᠦᠭ — ᠬᠠᠶᠢᠲᠦ᠂ ᠲᠡᠭᠦᠨ ᠠᠴᠠ ᠪᠠᠶᠢᠰᠢᠩᠬᠤᠷ ᠲᠤᠭᠰᠢᠨ᠂ ᠴᠠᠷᠬᠠᠢ ᠯᠢᠩᠬᠤ᠂ ᠴᠠᠤᠵᠢᠨ ᠦᠷᠲᠡᠬᠡᠢ ᠭᠤᠷᠪᠠᠨ ᠬᠦᠪᠡᠭᠦᠨ ᠲᠠᠢ᠂ ᠪᠠᠶᠢᠰᠢᠩᠬᠤᠷ | ᠲᠤᠭᠰᠢᠨ ᠠᠴᠠ ᠲᠤᠮᠪᠢᠨᠠᠢ ᠴᠡᠴᠡᠨ ᠨᠢᠬᠡ ᠬᠦᠪᠡᠭᠦᠨ ᠲᠠᠢ᠃ ᠲᠤᠮᠪᠢᠨᠠᠢ ᠴᠡᠴᠡᠨ — ᠬᠠᠪᠤᠯ ᠬᠠᠭᠠᠨ᠂ ᠰᠠᠮ ᠰᠠᠴᠤᠯ᠎ᠠ ᠬᠤᠶᠠᠷ ᠪᠠᠶᠢᠵᠦ᠂ ᠬᠠᠪᠤᠯ ᠬᠠᠭᠠᠨ | ᠲᠤᠯᠤᠭᠠᠨ ᠬᠦᠪᠡᠭᠦᠨ ᠲᠠᠢ ᠲᠡᠭᠦᠨ ᠤ ᠶᠡᠭᠡ ᠬᠦᠪᠡᠬᠦᠨ ᠤ ᠨᠡᠷ᠎ᠠ ᠨᠢ ᠪᠠᠷᠲᠠᠨ ᠪᠠᠭᠠᠲᠤᠷ ︵ᠬᠠᠭᠠᠨ︶᠂ ᠲᠠᠭᠦᠨ ᠤ ᠬᠦᠪᠡᠭᠦᠨ ᠶᠢᠰᠦᠭᠡᠢ ᠪᠠᠭᠠᠲᠦᠷ ︵ᠡᠨᠡ ᠦᠶ᠎ᠡ ᠳᠤ | ᠬᠠᠭᠠᠨ ᠪᠢᠰᠢ᠂ ᠭᠡᠪᠡᠴᠦ ᠬᠠᠭᠠᠨ ᠰᠦᠯᠲᠠ ᠶᠢ ᠬᠠᠳᠠᠭᠠᠯᠠᠵᠦ᠂ ᠲᠠᠬᠢᠵᠦ ᠪᠠᠶᠢᠭᠰᠠᠨ︶᠂ ᠶᠢᠰᠦᠭᠡᠢ ᠪᠠᠭᠠᠲᠤᠷ ᠤᠨ ᠤᠤᠭᠠᠨ ᠭᠦᠪᠡᠭᠦᠨ ᠲᠡᠮᠤᠵᠢᠨ ︵ᠴᠢᠩᠭᠢᠰ | ᠬᠠᠭᠠᠨ︶ ᠪᠤᠯᠤᠨ᠎ᠠ᠃ ᠴᠢᠩᠭᠢᠰ ᠬᠠᠭᠠᠨ ᠤ ᠡᠴᠢᠭᠡ ᠶᠢᠰᠦᠭᠡᠢ ᠪᠠᠭᠠᠲᠤᠷ ᠬᠦᠬᠡ ᠴᠡᠩᠬᠡᠷ ᠨᠢᠲᠦ ᠲᠠᠢ ᠪᠢᠯᠡ᠃ ᠮᠣᠩᠭᠤᠯᠴᠤᠳ ᠴᠡᠩᠬᠡᠷ ᠢ ᠪᠤᠷᠤ ᠴᠠᠭᠠᠨ ᠭᠡᠵᠦ | ᠳᠠᠭᠤᠳᠠᠳᠠᠭ ᠠᠴᠠ᠃ ᠲᠡᠷᠡ ᠣᠪᠤᠭ ᠤᠨ ᠬᠢᠨ ᠬᠦᠮᠦᠰ ᠪᠡᠶ᠎ᠡ ᠪᠡᠶᠡᠰ ᠢᠶᠠᠨ ᠪᠤᠷᠤ ᠴᠠᠭᠠᠨ ᠤ ᠬᠢᠨ ᠭᠡᠲᠡᠭ ᠮᠦᠷᠲᠡᠭᠡᠨ ᠶᠢᠰᠦᠭᠡᠢ ᠪᠠᠭᠠᠲᠤᠷ ᠤᠨ ᠰᠠᠯᠠᠭ᠎ᠠ ᠤ ᠬᠢᠨ ᠴᠦ | ᠪᠡᠶ᠎ᠡ ᠪᠠᠶᠠᠰ ᠤᠨ ᠪᠤᠷᠤ ᠴᠠᠭᠠᠨ ᠤ ᠭᠢᠶᠡᠳ ︵ᠬᠢᠶᠠᠨ︶ ᠬᠡᠮᠡᠨ ᠨᠡᠷᠡᠶᠢᠳᠳᠡᠭ ᠪᠢᠯᠡ᠃ ᠪᠤᠷᠤ ᠴᠠᠭᠠᠨ ᠤ ᠬᠢᠨ ᠬᠡᠮᠡᠬᠦ ᠳᠠᠭᠤᠳᠠᠯᠭ᠎ᠠ ᠲᠤᠪᠴᠢᠷᠠᠭᠰᠠᠭᠠᠷ ᠪᠠᠶᠢᠵᠦ᠂ | ᠪᠤᠷᠤ — ᠴ᠊ — ᠬᠢᠨ᠂ ᠪᠤᠷᠤ — ᠴ᠊ — ᠬᠢᠨ — ᠪᠤᠷᠤ — ᠵ᠊ — ᠬᠢᠨ — ᠪᠤᠷᠤ — ᠵᠢ᠊ — ᠬᠢᠨ ᠪᠤᠯᠤᠨ ᠠᠪᠢᠶ᠎ᠠ ᠬᠡᠬᠡᠭᠳᠡᠭᠰᠡᠭᠡᠷ | ᠪᠠᠶᠢᠵᠦ ᠤᠳᠤᠬᠢ ︽ᠪᠤᠷᠵᠢᠭᠢᠨ︾ ᠪᠤᠯᠵᠦ ᠤᠳᠤ ᠬᠦᠷᠴᠠᠢ᠃ ᠬᠢᠶᠡᠳᠴᠤᠤᠯ ᠬᠠᠪᠤᠯ ᠬᠠᠭᠠᠨ ᠠᠴᠠ ᠬᠤᠶᠢᠰᠢ ᠪᠡᠶ᠎ᠡ ᠪᠡᠶᠡᠰ ᠢᠶᠠᠨ ᠤᠳᠠᠭᠠᠨ ᠵᠢᠯ ᠵᠤᠵᠠᠭᠠᠨ | ᠬᠤᠨᠤᠭ ᠢᠩᠭᠢᠵᠦ ᠨᠡᠷᠡᠶᠢᠳᠦᠭᠰᠡᠭᠡᠷ ᠢᠷᠡᠵᠡᠢ᠃ ᠪᠤᠷᠵᠢᠭᠢᠨ ᠣᠪᠤᠭᠲᠠᠨ ᠦᠪᠡᠷ ᠤᠨ ᠣᠪᠤᠭ ᠢᠶᠠᠨ ᠲᠣᠭᠠᠴᠢᠬᠤ ᠳᠠᠭᠠᠨ᠄ ︽ᠪᠤᠲᠠᠠᠴᠢᠷ ᠡᠵᠡᠨ ᠲᠡᠭᠡᠲᠦᠰ ᠲᠠᠢ᠂ | ᠪᠤᠷᠬᠠᠨ ᠬᠠᠯᠲᠤᠨ ᠨᠤᠲᠤᠭ ᠲᠠᠢ᠂ ᠪᠤᠷᠵᠢᠭᠢᠨ ᠣᠪᠤᠭ ᠤᠨ ᠦᠷᠡᠰ᠂ ᠬᠢᠶᠡᠳ ᠴᠠᠭᠠᠨ ᠶᠠᠰᠤᠲᠠᠨ᠃ ᠨᠠᠷᠠᠨ ᠰᠠᠷᠠᠨ ᠰᠢᠲᠦᠭᠡᠨ ᠲᠠᠢ᠂ ᠨᠠᠴᠢᠨ ᠱᠣᠩᠬᠤᠷ | ᠰᠦᠯᠲᠡ ᠲᠠᠢ᠂ ᠪᠤᠷᠵᠢᠭᠢᠨ ᠤᠪᠤᠭ ᠤᠨ ᠦᠷᠡᠰ᠂ ᠬᠢᠶᠡᠳ ᠴᠠᠭᠠᠨ ᠶᠠᠰᠤᠲᠠᠨ︾ ᠬᠡᠮᠡᠨ ᠤᠶᠠᠩᠭᠠᠯᠠᠲᠠᠭ ᠰᠠᠠᠵᠠᠢ᠃ ※ ᠬᠢᠨᠠᠯᠲᠠ ᠪᠤᠯᠭᠠᠭᠰᠠᠨ ᠮᠠᠲ᠋ᠧᠷᠢᠶᠠᠯ ︽ | ᠮᠤᠩᠭᠤᠯ ᠤᠨ ᠨᠢᠭᠤᠴᠠ ᠲᠤᠪᠴᠢᠶᠠᠨ︾᠂ ︽ᠰᠡᠴᠡᠯᠡᠭᠴᠢᠳ ᠤᠨ ᠴᠢᠭᠤᠯᠭᠠᠨ ᠤ ᠨᠠᠮᠠᠭ᠎ᠠ︾᠂ ︽ᠬᠦᠬᠡ ᠰᠤᠳᠤᠷ︾᠂ ︽ᠬᠢᠲᠡᠳ ᠰᠦᠯᠵᠢᠶᠡᠨ︾᠂ ︽ᠠᠵᠢᠲᠠᠢ | ︾ ︽ᠬᠦᠬᠡ ᠲᠤᠯᠭ᠎ᠠ︾᠂ ︽ᠮᠦᠩᠬᠡ ᠭᠠᠯ ᠰᠤᠶᠤᠯ ᠤᠨ ᠵᠠᠭᠤᠴᠢ︾ ᠁ | | |