1969 ᠤᠨ ᠤ 12 ᠰᠠᠷᠠᠶᠢᠨ 18 ᠤ ᠡᠳᠦᠷ ᠤᠷᠳᠤᠰ ᠬᠤᠲᠠ ᠶᠢᠨ ᠤᠲᠤᠭ ᠬᠤᠰᠢᠭᠤᠨ ᠤ ᠴᠠᠪ ᠨᠤᠲᠤᠭ ᠤᠨ ᠬᠠᠯᠠᠭᠤᠨ ᠬᠥᠷᠥᠰᠥᠨ ᠳᠤ ᠲᠤᠭᠴᠢᠨ | ᠤᠪᠤᠭᠲᠤ ᠶᠢᠨ ᠴᠤᠭᠯᠤᠮ ᠤᠨ ᠤᠤᠭᠠᠨ ᠬᠥᠪᠡᠭᠦᠨ ᠪᠤᠯᠵᠤ ᠵᠠᠶᠠᠭᠠᠵᠠᠢ᠃ ᠥᠪᠥᠷ ᠮᠤᠩᠭᠤᠯ ᠤᠨ ᠭᠡᠷᠡᠯ ᠵᠢᠷᠤᠭᠴᠢᠳ ᠤᠨ ᠨᠡᠶᠢᠬᠡᠮᠯᠢᠭ ᠤᠨ ᠭᠡᠰᠢᠭᠦᠨ᠂ ᠤᠷᠳᠤᠰ | ᠬᠤᠲᠠ ᠶᠢᠨ ᠭᠡᠷᠡᠯ ᠵᠢᠷᠤᠭᠴᠢᠳ ᠤᠨ ᠨᠡᠶᠢᠬᠡᠮᠯᠢᠭ ᠤᠨ ᠭᠡᠰᠢᠭᠦᠨ᠃ 1990 ᠤᠨ ᠤ 7 ᠰᠠᠷ᠎ᠠ ᠳᠤ ᠥᠪᠥᠷ ᠮᠤᠩᠭᠤᠯ ᠤᠨ ᠮᠤᠩᠭᠤᠯ ᠬᠡᠯᠡ ᠪᠢᠴᠢᠭ ᠤᠨ | ᠳᠤᠰᠬᠠᠢ ᠮᠡᠷᠭᠡᠵᠢᠯ ᠤᠨ ᠰᠤᠷᠭᠠᠭᠤᠯᠢ ᠠᠴᠠ ᠲᠡᠭᠦᠰᠦᠭᠡᠳ ᠤᠲᠤᠭ ᠬᠤᠰᠢᠭᠤᠨ ᠤ ᠪᠤᠷᠤᠬᠤᠰᠢᠭᠤ ᠰᠤᠮᠤᠨ ᠳᠤ ᠠᠯᠪᠠ ᠬᠠᠭᠠᠪᠠ᠃ 1993 ᠤᠨ ᠠᠴᠠ 1996 | ᠤᠨ ᠬᠦᠷᠲᠡᠯ᠎ᠡ ᠥᠪᠥᠷ ᠮᠤᠩᠭᠤᠯ ᠤᠨ ᠶᠡᠭᠡ ᠰᠤᠷᠭᠠᠭᠤᠯᠢ ᠳᠤ ᠰᠢᠯᠭᠠᠭᠳᠠᠨ ᠤᠷᠤᠵᠤ ᠰᠤᠷᠤᠯᠴᠠᠪᠠ᠃ ᠤᠳᠤ ᠤᠲᠤᠭ ᠬᠤᠰᠢᠭᠤᠨ ᠳᠤ ︽ᠤᠷ᠎ᠠ ᠬᠦᠷᠳᠦ︾ | ᠳᠥᠰᠥᠪᠯᠡᠬᠦ᠂ ᠨᠠᠶᠢᠷᠠᠭᠤᠯᠬᠤ᠂ ᠤᠷᠴᠢᠭᠤᠯᠬᠤ ᠠᠵᠢᠯ ᠤᠨ ᠥᠷᠦᠭᠡ ᠡᠷᠬᠢᠯᠡᠵᠦ ᠪᠤᠢ᠃ | 1997 ᠤᠨ ᠠᠴᠠ ᠡᠬᠢᠯᠡᠨ ᠨᠤᠲᠤᠭ᠂ ᠠᠮᠢ ᠠᠬᠤᠢ ᠭᠡᠬᠦ ᠰᠡᠳᠦᠪ ᠢᠶᠠᠷ ᠡᠷᠢᠯ ᠬᠥᠭᠡᠭᠡᠴᠡᠯᠳᠦᠯ ᠢᠶᠠᠨ ᠪᠤᠯᠭᠠᠵᠤ᠂ ᠤᠷᠢᠳ ᠬᠤᠵᠢᠳ ᠨᠤᠲᠤᠭ | ᠳᠤᠪᠴᠢᠶᠠᠨ ︽ᠥᠯᠵᠡᠶᠢᠲᠦ ᠨᠤᠲᠤᠭ︾᠂ ︽ᠰᠢᠲᠦᠭᠡᠨᠲᠦ ᠨᠤᠲᠤᠭ︾ ᠪᠤᠯᠤᠨ ᠬᠠᠭᠤᠴᠢ ᠵᠤᠭᠤᠭ ︽ᠨᠤᠲᠤᠭ ᠤᠨ ᠠᠮᠢ ᠠᠬᠤᠢ ᠶᠢᠨ ᠬᠠᠭᠤᠴᠢ︾ ︵ᠬᠢᠲᠠᠳ | ᠮᠤᠩᠭᠤᠯ︶᠂ ᠵᠢᠷᠤᠭᠲᠤ ᠳᠡᠪᠲᠡᠷ ︽ᠤᠲᠤᠭ ᠤᠨ ᠤᠩᠭᠤᠨ ᠮᠤᠳᠤ︾᠂ ︽ᠠᠮᠢᠨ ᠬᠤᠯᠪᠤᠭᠠᠲᠠᠢ — ᠡᠵᠡᠨ᠎ᠡ︾ ᠶᠢ ᠨᠠᠶᠢᠷᠠᠭᠤᠯᠤᠨ ᠬᠡᠪᠯᠡᠭᠦᠯᠵᠡᠢ᠃ ︽ | ᠤᠲᠤᠭ ᠤᠨ ᠤᠢ ᠰᠢᠭᠤᠢ ᠶᠢᠨ ᠠᠮᠢ ᠠᠬᠤᠢ ᠶᠢᠨ ᠦᠢᠯᠡᠰ︾᠂ ︽ᠤᠲᠤᠭ ᠤᠨ ᠳᠤᠮᠳᠠᠳᠤ ᠶᠠᠫᠤᠨ ᠤ ᠨᠥᠬᠦᠷᠯᠡᠯ ᠤᠨ ᠤᠢ︾ ᠵᠡᠷᠭᠡ ᠵᠢᠷᠤᠭᠲᠤ ᠳᠡᠪᠲᠡᠷ ᠢ | ᠳᠥᠰᠥᠪᠯᠡᠨ ᠨᠠᠶᠢᠷᠠᠭᠤᠯᠵᠤ᠂ ᠨᠤᠲᠤᠭ ᠳᠤᠪᠴᠢᠶᠠᠨ ︽ᠴᠠᠪ ᠨᠤᠲᠤᠭ︾᠂ ︽ᠪᠤᠷᠤᠬᠤᠰᠢᠭᠤ ᠨᠤᠲᠤᠭ ᠤᠨ ᠤᠯᠠ ᠮᠥᠷ︾ ᠵᠡᠷᠭᠡ ᠨᠤᠮ ᠤᠳ ᠢ ᠡᠮᠬᠢᠳᠬᠡᠨ | ᠨᠠᠶᠢᠷᠠᠭᠤᠯᠬᠤ ᠠᠵᠢᠯ ᠳᠤ ᠤᠷᠤᠯᠴᠠᠪᠠ᠃ ᠡᠳᠦᠭᠡ ᠨᠤᠲᠤᠭ ᠳᠤᠪᠴᠢᠶᠠᠨ ︽ᠤᠯᠠᠭᠠᠨᠲᠤᠭ︾ ᠭᠡᠬᠦ ᠨᠤᠮ ᠢᠶᠠᠨ ᠬᠡᠪᠯᠡᠯ ᠳᠤ ᠳᠡᠪᠰᠢᠭᠦᠯᠬᠦ ᠪᠠᠷ ᠪᠡᠯᠡᠳᠬᠡᠵᠦ᠂ ︽ | ᠨᠠᠭᠠᠯ ᠵᠠᠭᠠᠯ ᠤᠨ ᠨᠤᠲᠤᠭ︾᠂ ︽ᠳᠤᠰᠤᠲᠤ ᠶᠢᠨ ᠭᠤᠤᠯ︾ ᠵᠡᠷᠭᠡ ᠨᠤᠮ ᠢ ᠡᠮᠬᠢᠳᠬᠡᠬᠦ ᠠᠵᠢᠯ ᠢᠶᠠᠨ ᠡᠯᠭᠦᠬᠦ ᠶᠢᠨ ᠳᠠᠭᠠᠤ ᠺᠤᠮᠫᠢᠦ᠋ᠲ᠋ᠧᠷ ᠤᠷᠠᠯᠠᠯ᠂ ᠪᠠᠷᠢᠮᠲᠠᠲᠤ | ᠹᠢᠯᠢᠮ᠂ ᠭᠡᠷᠡᠯ ᠵᠢᠷᠤᠭ ᠳᠠᠲᠠᠬᠤ ᠪᠠᠷ ᠤᠷᠮᠠᠰ ᠬᠡᠶᠢᠮᠤᠷᠢ ᠪᠠᠨ ᠰᠡᠷᠭᠦᠭᠡᠵᠦ᠂ ᠨᠤᠲᠤᠭ᠂ ᠰᠤᠶᠤᠯ ᠢᠶᠠᠨ ᠳᠡᠭᠡᠳᠦᠯᠡᠵᠦ ᠶᠠᠪᠤᠭ᠎ᠠ ᠮᠤᠩᠭᠤᠯ ᠬᠦᠮᠦᠨ᠃ | | ︽ᠤᠲᠤᠭ ᠤᠨ ᠪᠠᠶᠢᠭᠠᠯᠢ ᠶᠢᠨ ᠰᠢᠪᠠᠭᠤᠳ︾ ᠴᠢ᠊ · ᠳᠠᠯᠠᠢ ᠡᠮᠬᠢᠳᠬᠡᠨ ᠨᠠᠶᠢᠷᠠᠭᠤᠯᠪᠠ | |