ᠮᠤᠩᠭᠤᠯ ᠪᠦᠰᠡ ᠶᠢᠨ ᠴᠡᠭᠡᠷ
ᠨᠡᠶᠢᠲᠡᠯᠡᠭᠰᠡᠨ ᠴᠠᠭ᠄
2023/8/1
                 ᠮᠤᠩᠭᠤᠯ ᠪᠦᠰᠡ ᠶᠢᠨ ᠴᠡᠭᠡᠷ      ᠪᠦᠰᠡ ᠪᠦᠰᠡᠯᠡᠬᠦ ᠳᠡᠭᠡᠨ ᠭᠠᠵᠠᠷ ᠰᠢᠷᠤᠶᠢᠳᠤᠭᠤᠯᠬᠤ᠂ ᠬᠢᠰᠬᠢᠬᠦ᠂ ᠨᠠᠷᠠᠨ ᠪᠤᠷᠤᠭᠤ ᠤᠷᠢᠶᠠᠬᠤ ᠶᠢ ᠴᠡᠭᠡᠷᠯᠡᠨ᠎ᠡ᠃      ᠪᠦᠰᠡ ᠳᠡᠪᠡᠯ ︵ᠲᠡᠷᠯᠢᠭ︶ ᠤᠨ ᠦᠩᠭᠡ ᠲᠠᠢ ᠦᠩᠭᠡ ᠬᠠᠷᠰᠢᠯᠳᠤᠬᠤ ᠶᠢ ᠴᠡᠭᠡᠷᠯᠡᠨ᠎ᠡ᠃      ᠲᠡᠷᠯᠢᠭ ᠢᠶᠠᠨ ᠲᠠᠶᠢᠯᠬᠤ ᠳᠠᠭᠠᠨ ᠪᠦᠰᠡ ᠪᠠᠨ ᠨᠠᠷᠠᠨ ᠪᠤᠷᠤᠭᠤ ᠡᠷᠭᠢᠭᠦᠯᠵᠦ ᠲᠠᠶᠢᠯᠬᠤ ᠶᠢ ᠴᠡᠭᠡᠷᠯᠡᠨ᠎ᠡ᠃      ᠡᠷᠡᠭᠲᠡᠢ ᠬᠦᠮᠦᠨ ᠪᠤᠰᠤᠳ ᠤᠨ ᠡᠬᠡᠨᠡᠷ ᠢᠶᠠᠷ ᠪᠦᠰᠡ ᠪᠦᠰᠡᠯᠡᠭᠦᠯᠬᠦ ᠶᠢ ᠶᠡᠬᠡᠳᠡ ᠴᠡᠭᠡᠷᠯᠡᠨ᠎ᠡ᠃      ᠪᠦᠰᠡ ᠪᠠᠨ ᠠᠯᠳᠠᠷᠠᠭᠠᠵᠤ ᠴᠢᠷᠴᠦ ᠶᠠᠪᠤᠪᠠᠯ ︽ᠦᠯᠦᠨ ᠭᠡᠳᠡᠰᠦ ᠴᠢᠨᠢ ᠪᠠᠶᠢᠨ᠎ᠠ ᠤᠤ︖︾ ᠭᠡᠵᠦ ᠠᠮᠠ ᠪᠠᠨ ᠠᠰᠠᠭᠤᠯᠭᠠᠬᠤ ᠶᠢ ᠴᠡᠭᠡᠷᠯᠡᠨ᠎ᠡ᠃      ᠪᠦᠰᠡ ᠪᠠᠨ ᠠᠶᠢᠯ ᠳᠤ ᠳᠤᠷ᠎ᠠ ᠪᠠᠷ ᠲᠠᠶᠢᠯᠬᠤ ᠶᠢ ᠴᠡᠭᠡᠷᠯᠡᠨ᠎ᠡ᠃      ᠪᠦᠰᠡ ᠦᠭᠡᠢ ᠨᠦᠮᠦᠬᠡᠨ ᠶᠠᠪᠤᠬᠤ ᠶᠢ ᠴᠡᠭᠡᠷᠯᠡᠨ᠎ᠡ᠃      ᠪᠦᠰᠡ ᠪᠦᠰᠡᠯᠡᠬᠦ ᠦᠭᠡᠢ ᠶᠠᠪᠤᠪᠠᠯ ᠬᠡᠶᠢᠮᠤᠷᠢ ᠬᠡᠪᠲᠡᠨ᠎ᠡ ᠭᠡᠳᠡᠭ᠃      ᠪᠦᠰᠡ ᠠᠴᠠ ᠪᠤᠰᠤᠳ ᠡᠳ᠋ ᠢᠶᠠᠷ ᠪᠦᠰᠡ ᠶᠢ ᠤᠷᠤᠯᠠᠭᠤᠯᠬᠤ ᠶᠢ ᠨᠡᠩ ᠴᠡᠭᠡᠷᠯᠡᠨ᠎ᠡ᠃      ᠠᠷᠢᠬᠢ ᠳᠠᠷᠠᠰᠤ ᠡᠷᠭᠦᠨ ᠪᠠᠷᠢᠬᠤ᠂ ᠬᠦᠷᠲᠡᠬᠦ ᠳᠡᠭᠡᠨ ᠬᠠᠨᠴᠤᠢ ᠰᠢᠮᠠᠯᠠᠬᠤ᠂ ᠬᠤᠷᠮᠤᠢ ᠰᠢᠭᠤᠬᠤ᠂ ᠪᠦᠰᠡ ᠪᠠᠨ ᠲᠡᠷᠢ ᠲᠡᠭᠰᠢ ᠪᠦᠰᠡᠯᠡᠬᠦ ᠦᠭᠡᠢ᠂ ᠡᠩᠭᠡᠷ ᠵᠠᠭᠠᠮ᠎ᠠ ᠪᠠᠨ ᠰᠤᠯᠠ ᠵᠠᠳᠠᠭᠠᠢ ᠪᠠᠶᠢᠯᠭᠠᠬᠤ ᠶᠢ ᠴᠡᠭᠡᠷᠯᠡᠨ᠎ᠡ᠃
ᠢᠷᠡᠯᠲᠡ᠄ ᠤᠲᠤᠭ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠭᠡᠷ