ᠮᠤᠩᠭᠤᠯᠴᠤᠳ ᠤᠨ ᠡᠷᠲᠡᠨ ᠤ ᠬᠡᠭᠦᠷ ᠤᠷᠤᠰᠢᠭᠤᠯᠬᠤ ᠶᠤᠰᠤᠨ
ᠨᠡᠶᠢᠲᠡᠯᠡᠭᠰᠡᠨ ᠴᠠᠭ᠄
2023/8/28
      ᠡᠷᠲᠡᠨ ᠤ ᠮᠤᠩᠭᠤᠯᠴᠤᠳ ᠬᠡᠭᠦᠷ ᠪᠤᠰᠬᠠᠳᠠᠭ ᠦᠭᠡᠢ᠃      ᠯᠤᠪᠰᠠᠩᠴᠤᠶᠢᠲᠠᠨ ᠤ ︽ᠮᠤᠩᠭᠤᠯ ᠤᠨ ᠵᠠᠩ ᠠᠭᠠᠯᠢ ᠶᠢᠨ ᠦᠢᠯᠠᠪᠤᠷᠢ︾ ︵136 ᠳ᠋ᠤᠭᠠᠷ ᠨᠢᠭᠤᠷ︶ ᠳᠤ᠄ ︽ᠮᠤᠩᠭᠤᠯ ᠠᠶᠢᠮᠠᠭ ᠡᠷᠲᠡ ᠴᠠᠭ ᠲᠤᠷ ᠬᠦᠮᠦᠨ ᠦᠬᠦᠪᠡᠰᠦ ᠮᠠᠭᠤ ᠢᠷᠸ᠎ᠠ ᠪᠤᠯᠵᠠᠢ ᠭᠡᠮᠡᠨ ᠰᠠᠭᠤᠵᠤ ᠪᠠᠶᠢᠭᠰᠠᠨ ᠡᠷᠦᠬᠡ ᠶᠢᠨ ᠨᠢᠭᠡᠨ ᠪᠦᠷᠭᠡ ᠬᠡᠷᠲᠡᠢ᠂ ᠦᠬᠦᠳᠡᠯ ᠢ ᠳᠤᠲᠤᠷ᠎ᠠ ᠲᠠᠯᠪᠢᠵᠤ ᠦᠯᠡᠳᠡᠭᠡᠵᠦ᠂ ᠪᠤᠰᠤ ᠬᠦᠮᠦᠨ ᠪᠦᠷᠭᠡ ᠪᠠᠨ ᠲᠡᠷᠭᠡ ᠳᠤ ᠪᠠᠨ ᠲᠡᠭᠡᠭᠡᠵᠦ ᠠᠳᠤᠭᠤ ᠮᠠᠯ ᠢᠶᠠᠨ ᠬᠦᠭᠡᠭᠡᠵᠦ ᠬᠤᠯᠠ ᠨᠡᠭᠦᠵᠦ ᠰᠠᠭᠤᠮᠤᠢ  ᠁ ᠪᠠᠰᠠ ᠨᠢᠭᠡᠨ ᠵᠦᠢᠯ ᠦᠬᠦᠳᠡᠯ ᠢ ᠲᠡᠷᠭᠡ ᠳᠤ ᠲᠡᠭᠡᠭᠡᠵᠦ ᠠᠶᠢᠯ ᠦᠭᠡᠢ ᠭᠠᠵᠠᠷ ᠬᠦᠷᠴᠦ ᠲᠡᠷᠭᠡ ᠦᠬᠡᠷ ᠤᠨ ᠴᠢᠨᠡᠭᠡᠪᠡᠷ ᠭᠦᠶᠦᠯᠭᠡᠵᠦ ᠶᠠᠪᠤᠬᠤ ᠳᠤ ᠦᠬᠦᠳᠡᠯ ᠲᠡᠷᠭᠡ ᠠᠴᠠ ᠤᠨᠠᠪᠠᠴᠤ ᠤᠳᠤ ᠡᠨᠡ ᠴᠢᠨᠤ ᠮᠦᠩᠭᠡ ᠤᠷᠤᠨ ᠬᠡᠮᠡᠵᠦ ᠬᠦᠮᠦᠨ ᠭᠤᠷᠪᠠᠨ ᠤᠳᠠᠭ᠎ᠠ ᠬᠡᠯᠡᠭᠡᠳ ᠬᠤᠶᠢᠰᠢ ᠬᠠᠷᠠᠬᠤ ᠦᠭᠡᠢ ᠲᠡᠷᠭᠡ ᠪᠠᠨ ᠬᠦᠭᠡᠭᠡᠵᠦ ᠡᠭᠡᠮᠦᠢ ᠁ ᠪᠠᠰᠠ ᠪᠠᠭ᠋ᠠᠨ ᠰᠠᠶᠢᠨ ᠡᠷᠦᠭᠡ ᠶᠢᠨ ᠬᠦᠮᠦᠨ ᠦᠬᠦᠪᠡᠰᠤ᠂ ᠠᠮᠠᠨ ᠳᠤ ᠡᠷᠳᠡᠨᠢ ᠶᠢᠨ ᠵᠦᠢᠯ ᠢ ᠬᠢᠵᠦ᠂ ᠠᠪᠳᠠᠷ᠎ᠠ ᠳᠤᠲᠤᠷ᠎ᠠ ᠤᠷᠤᠭᠤᠯᠵᠤ ᠲᠡᠷᠭᠡ ᠪᠠᠷ ᠠᠶᠢᠯ ᠦᠭᠡᠢ ᠭᠠᠵᠠᠷ ᠠᠪᠠᠴᠢᠵᠤ ᠲᠠᠯᠪᠢᠮᠤᠢ᠂ ᠭᠠᠵᠠᠷ ᠲᠤᠷ ᠪᠤᠯᠠᠭᠤᠯᠬᠤ ᠦᠭᠡᠢ ᠪᠤᠯᠠᠢ ᠁ ᠬᠤᠵᠢᠮ ᠤᠨ ᠦᠶ᠎ᠡ ᠪᠤᠯᠵᠤ ᠴᠢᠩᠬᠢᠰ ᠪᠤᠭᠲᠠ ᠪᠠᠷᠠᠭᠤᠨ ᠵᠤᠤ ᠶᠢᠨ ᠤᠷᠤᠨ ᠠᠴᠠ ᠪᠤᠷᠬᠠᠨ ᠤ ᠰᠤᠷᠭᠠᠯ ᠤᠨ ᠡᠭᠦᠳᠡᠨ ᠤ ᠯᠠᠮ᠎ᠠ ᠶᠢ ᠵᠠᠯᠠᠵᠤ ᠮᠤᠩᠭᠤᠯ ᠭᠠᠵᠠᠷ ᠲᠤ ᠱᠠᠰᠢᠨ ᠢ ᠳᠡᠯᠭᠡᠷᠡᠭᠦᠯᠦᠨ ᠶᠠᠪᠤᠭᠤᠯᠤᠭᠰᠠᠨ ᠠᠴᠠ ᠮᠤᠩᠭᠤᠯ ᠭᠠᠵᠠᠷ ᠰᠠᠶ᠋ᠢ ᠡᠬᠢᠯᠡᠵᠦ ᠬᠦᠮᠦᠨ ᠦᠬᠦᠪᠡᠰᠦ ᠪᠠᠶᠠᠯᠢᠭ ᠬᠡᠷᠦᠨ ᠬᠦᠮᠦᠨ ᠪᠤᠯᠪᠠᠯ᠎ᠠ ᠯᠠᠮ᠎ᠠ ᠵᠠᠯᠠᠵᠤ ᠨᠤᠮ ᠢ ᠤᠩᠰᠢᠭᠤᠯᠤᠨ ᠦᠬᠦᠳᠡᠯ ᠢ ᠭᠠᠯ ᠤᠨ ᠮᠠᠭᠲᠠᠯ ᠢᠶᠠᠷ ᠰᠢᠲᠠᠭᠠᠵᠤ ᠶᠠᠰᠤ ᠶᠢ ᠪᠤᠮᠪᠠᠯᠠᠵᠤ ᠬᠡᠭᠦᠷᠯᠡᠮᠦᠢ᠃ ᠦᠩᠭᠦᠯᠢᠭ ᠬᠡᠷᠦᠨ ᠬᠦᠮᠦᠨ ᠪᠤᠯᠪᠠᠯ᠎ᠠ ᠮᠤᠳᠤᠨ ᠠᠪᠰᠠᠨ ᠳᠤ ᠬᠢᠵᠦ ᠭᠠᠵᠠᠷ ᠲᠤᠷ ᠬᠡᠭᠦᠷᠯᠡᠮᠦᠢ᠃ ᠡᠶᠢᠮᠦ ᠠᠭᠠᠯᠢ ᠪᠤᠯᠵᠤ ᠪᠠᠶᠢᠲᠠᠯ᠎ᠠ ᠠᠷᠤ ᠮᠤᠩᠭᠤᠯ ᠤᠨ ᠬᠦᠳᠡᠭᠡ ᠭᠠᠵᠠᠷ ᠤᠨ ᠬᠦᠮᠦᠨ ᠦᠬᠦᠪᠡᠰᠦ ᠪᠠᠰᠠᠴᠤ ᠶᠡᠭᠡ ᠡᠷᠲᠡ ᠶᠢᠨ ᠠᠭᠠᠯᠢ ᠪᠠᠷ ᠬᠡᠭᠡᠷ᠎ᠡ ᠠᠪᠠᠴᠢᠵᠤ ᠡᠶᠢᠮᠤ ᠠᠭᠠᠯᠢ ᠪᠤᠯᠵᠤ ᠪᠠᠶᠢᠲᠠᠯ᠎ᠠ ᠠᠷᠤ ᠮᠤᠩᠭᠤᠯ ᠤᠨ ᠬᠦᠳᠡᠭᠡ ᠭᠠᠵᠠᠷ ᠤᠨ ᠬᠦᠮᠦᠨ ᠦᠬᠦᠪᠡᠰᠦ ᠪᠠᠰᠠᠴᠤ ᠶᠡᠭᠡ ᠡᠷᠲᠡ ᠶᠢᠨ ᠠᠭᠠᠯᠢ ᠪᠠᠷ ᠬᠡᠭᠡᠷ᠎ᠡ ᠠᠪᠠᠴᠢᠵᠤ ᠵᠠᠳᠠᠭᠠᠢ ᠬᠡᠭᠡᠬᠦ ᠡᠲᠦᠭᠡ ᠪᠤᠯᠲᠠᠯ᠎ᠠ ᠪᠠᠶᠢᠮᠤᠢ ᠁ ᠡᠭᠦᠨᠴᠡ ᠭᠠᠳᠠᠨ᠎ᠠ ᠲᠠᠬᠤᠯ ᠢᠶᠠᠷ ᠪᠢᠴᠢᠬᠠᠨ ᠬᠡᠥᠭᠡᠳ ᠦᠬᠦᠪᠡᠰᠦ ᠬᠡᠭᠡᠷ᠎ᠡ ᠲᠠᠯ᠎ᠠ ᠭᠠᠵᠠᠷ ᠵᠠᠳᠠᠭᠠᠢ ᠬᠡᠭᠡᠯᠴᠡᠮᠦᠢ︾ ᠭᠡᠵᠦ ᠲᠤᠳᠤᠷᠬᠠᠢ ᠲᠡᠮᠳᠡᠭᠯᠡᠵᠦ ᠪᠤᠢ᠃ᠡᠨᠡ ᠳᠤᠬᠠᠢ ᠤᠳᠤ ᠴᠤ ᠭᠡᠰᠡᠨ ᠤᠯᠠᠮᠵᠢᠯᠠᠭᠳᠠᠵᠤ ᠪᠠᠶᠢᠨ᠎ᠠ᠃ ᠵᠢᠱᠢᠶᠡᠯᠡᠪᠡᠯ᠂ ᠴᠠᠬᠠᠷ ᠨᠤᠲᠤᠭ ᠢᠶᠠᠷ ᠦᠬᠦᠭᠰᠡᠳ ᠢ ᠲᠡᠷᠡ ᠶᠤᠰᠤᠭᠠᠷ ᠨᠢ ᠬᠡᠭᠡᠷ᠎ᠡ ᠭᠠᠳᠠᠨ᠎ᠠ ᠬᠠᠶᠠᠬᠤ ᠪᠤᠶᠤ ᠤᠨᠤᠭ᠎ᠠ ᠬᠦᠰᠭᠡ ᠪᠠᠷ ᠲᠤᠪᠳᠤᠯᠤᠭᠤᠯᠵᠤ ᠪᠠᠶᠢᠭᠠᠳ ᠤᠨᠠᠵᠤ ᠤᠶᠢᠴᠢᠭᠰᠠᠨ ᠭᠠᠵᠠᠷ ᠲᠤ ᠨᠢ ᠪᠤᠯᠠᠰᠢᠯᠠᠬᠤ᠂ ᠤᠯᠠᠭᠠᠨᠴᠠᠪ ᠢᠶᠠᠷ ᠨᠡᠯᠢᠶᠡᠳ ᠡᠷᠲᠡ ᠪᠠᠰᠠ ᠦᠬᠦᠬᠦ ᠪᠤᠯᠤᠭᠰᠠᠳ ᠢ ᠲᠦᠰᠢᠵᠦ ᠲᠤᠯᠵᠤ ᠪᠠᠶᠢᠭᠠᠳ ᠰᠠᠭᠤᠭ᠎ᠠ ᠪᠠᠷ ᠨᠢ ᠦᠬᠦᠭᠦᠯᠬᠦ ᠵᠡᠷᠭᠡ ᠵᠠᠩᠰᠢᠯ ᠲᠠᠢ ᠪᠠᠶᠢᠵᠠᠢ᠃
ᠢᠷᠡᠯᠲᠡ᠄ ᠤᠲᠤᠭ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠭᠡᠷ