ᠶᠠᠩᠰᠠᠨᠵᠠᠪ
ᠨᠡᠶᠢᠲᠡᠯᠡᠭᠰᠡᠨ ᠴᠠᠭ᠄
2024/1/18
      ᠶᠠᠩᠰᠠᠨᠵᠠᠪ᠄ ᠮᠣᠩᠭᠤᠯ ᠦᠨᠳᠦᠰᠦᠲᠡᠨ᠂ ᠡᠷᠡᠭᠲᠡᠢ᠂ 1920 ᠣᠨ ᠳᠤ ᠣᠲᠤᠭ ᠬᠤᠰᠢᠭᠤᠨ ᠤ ᠠᠷᠪᠠᠨ ᠭᠤᠷᠪᠠᠳᠤᠭᠠᠷ ᠦᠶ᠎ᠡ ᠶᠢᠨ ᠵᠠᠰᠠᠭ ᠨᠣᠶᠠᠨ ᠭᠠᠯᠰᠠᠩᠷᠤᠯᠮᠠᠸᠠᠩᠵᠢᠯᠵᠠᠮᠰᠤ ᠶᠢᠨ ᠳᠥᠷᠪᠡᠳᠦᠭᠡᠷ ᠬᠦᠪᠡᠭᠦᠨ ᠪᠣᠯᠣᠨ ᠵᠠᠶᠠᠭᠠᠵᠠᠢ᠃ ᠶᠠᠩᠰᠠᠨᠵᠠᠪ᠂ ᠪᠠᠭ᠎ᠠ ᠨᠠᠰᠤᠨ ᠳᠠᠭᠠᠨ ᠵᠢᠷᠦᠬᠡ ᠶᠢᠨ ᠰᠥᠮ᠎ᠡ ᠶᠢᠨ ᠭᠡᠭᠡᠨ ᠯᠤᠪᠰᠠᠩᠭᠤᠨᠴᠣᠭᠵᠠᠯᠰᠠᠨ ᠤ ᠱᠠᠪᠢ ᠪᠣᠯᠵᠤ ᠡᠷᠬᠡᠲᠦ ᠶᠢᠨ ᠯᠠᠮᠠ ᠶᠢᠨ ᠰᠥᠮ᠎ᠡ ᠳᠡᠭᠡᠷ᠎ᠡ ᠰᠠᠬᠢᠯ ᠠᠪᠴᠦ ᠯᠠᠮᠠ ᠪᠣᠯᠵᠠᠢ᠃ 1937 ᠣᠨ ᠳᠤ ᠭᠠᠯᠰᠠᠩᠷᠤᠯᠮᠠᠸᠠᠩᠵᠢᠯᠵᠠᠮᠰᠤ ᠨᠠᠰᠤ ᠪᠠᠷᠠᠭᠰᠠᠨ ᠤ ᠳᠠᠷᠠᠭ᠎ᠠ ᠶᠠᠩᠰᠠᠨᠵᠠᠪ ᠤᠩᠰᠢᠭᠰᠠᠨ ᠨᠣᠮ ᠢᠶᠠᠨ ᠲᠠᠶᠠᠭᠳᠠᠨ ᠣᠷᠬᠢᠮᠵᠢ ᠪᠠᠨ ᠬᠠᠶᠠᠵᠤ᠂ ᠡᠬᠡᠨᠡᠷ ᠠᠪᠴᠦ ᠬᠠᠷ᠎ᠠ ᠪᠣᠯᠣᠭᠠᠳ ᠵᠠᠰᠠᠭ ᠤᠨ ᠶᠠᠪᠤᠳᠠᠯ ᠳᠤ ᠰᠠᠨᠠᠭᠠᠷᠬᠠᠵᠠᠢ᠃ 1941 ᠣᠨ ᠤ 12 ᠳ᠋ᠤᠭᠠᠷ ᠰᠠᠷ᠎ᠠ ᠳᠤ ᠲᠡᠷᠡ ᠬᠤᠶᠠᠳᠤᠭᠠᠷ ᠠᠬ᠎ᠠ ᠸᠠᠩᠴᠢᠨᠵᠠᠪ ︵ᠬᠤᠰᠢᠭᠤ ᠵᠠᠰᠠᠭ︶ ᠤᠨ ᠳᠤᠷᠠᠳᠤᠯᠭ᠎ᠠ ᠪᠠᠷ ᠴᠢᠭᠤᠯᠭᠠᠨ ᠭᠠᠵᠠᠷ ᠨᠡᠷ᠎ᠡ ᠮᠡᠳᠡᠭᠦᠯᠵᠦ ᠨᠡᠷ᠎ᠡ ᠲᠡᠮᠳᠡᠭᠯᠡᠭᠰᠡᠨ ᠲᠤᠰᠠᠯᠠᠭᠴᠢ ᠪᠣᠯᠵᠠᠢ᠃ 1942 ᠣᠨ ᠤ 8 ᠳ᠋ᠤᠭᠠᠷ ᠰᠠᠷ᠎ᠠ ᠳᠤ ᠪᠠᠷᠠᠭᠤᠨ ᠲᠤᠰᠠᠯᠠᠭᠴᠢ ᠪᠣᠯᠪᠠ᠃ ᠳᠠᠷᠠᠭ᠎ᠠ ᠵᠢᠯ ᠤᠨ 5 ᠳ᠋ᠤᠭᠠᠷ ᠰᠠᠷ᠎ᠠ ᠳᠤ ᠵᠠᠰᠠᠭ ᠨᠣᠶᠠᠨ ᠸᠠᠩᠴᠢᠨᠵᠠᠪ ᠨᠠᠰᠤ ᠪᠠᠷᠠᠵᠤ᠂ ᠵᠡᠭᠦᠨ ᠲᠤᠰᠠᠯᠠᠭᠴᠢ ᠸᠠᠩᠴᠤᠭᠰᠡᠷᠡᠩ ᠬᠤᠰᠢᠭᠤ ᠲᠠᠮᠠᠭ᠎ᠠ ᠶᠢ ᠬᠠᠮᠢᠶᠠᠷᠴᠤ ᠠᠯᠪᠠᠨ ᠡᠷᠬᠢᠯᠡᠭᠰᠡᠨ ᠳᠤ ᠶᠠᠩᠰᠠᠨᠵᠠᠪ ᠥᠪᠡᠷ ᠢ ᠪᠠᠨ ᠸᠠᠩ ᠨᠣᠶᠠᠨ ᠤ ᠬᠥᠪᠡᠭᠦᠨ ᠮᠥᠷᠲᠡᠭᠡᠨ ᠲᠤᠰᠠᠯᠠᠭᠴᠢ᠂ ᠬᠤᠰᠢᠭᠤ ᠲᠠᠮᠠᠭ᠎ᠠ ᠶᠢ ᠲᠡᠷᠡ ᠬᠠᠮᠢᠶᠠᠷᠴᠤ ᠡᠷᠬᠡ ᠠᠳᠬᠤᠪᠠᠯ ᠵᠣᠬᠢᠨ᠎ᠠ ᠭᠡᠵᠦ ᠦᠵᠡᠪᠡ᠃ ᠢᠩᠭᠢᠭᠡᠳ ᠲᠡᠷᠡ ᠣᠯᠠᠨ ᠵᠦᠢᠯ ᠤᠨ ᠠᠷᠭ᠎ᠠ ᠪᠠᠰᠢᠷ ᠬᠡᠷᠡᠭᠯᠡᠵᠦ᠂ ᠸᠠᠩᠴᠢᠨᠵᠠᠪ ᠠᠴᠠ ᠲᠠᠮᠠᠭ᠎ᠠ ᠪᠤᠯᠢᠶᠠᠬᠤ ᠪᠠᠷ ᠣᠷᠣᠯᠳᠤᠵᠠᠢ᠃      1946 ᠣᠨ ᠤ 7 ᠳ᠋ᠤᠭᠠᠷ ᠰᠠᠷ᠎ᠠ ᠳᠤ ᠰᠦᠢᠶᠤᠸᠠᠨ ᠮᠤᠵᠢ ᠶᠢᠨ ᠨᠠᠮ ᠤᠨ ᠬᠡᠯᠲᠡᠰ ᠠᠴᠠ ᠲᠣᠮᠢᠯᠠᠨ ᠢᠷᠡᠭᠦᠯᠦᠭᠰᠡᠨ ᠭᠤᠮᠢᠨᠳᠠᠩ ᠤᠨ ᠲᠠᠩᠨᠠᠭᠤᠯ ᠴᠢᠶᠣᠣ ᠰᠢᠤᠸᠠᠢ ᠽᠸᠡᠭ ᠤᠨ ᠳᠡᠮᠵᠢᠯᠭᠡ ᠳᠣᠣᠷ᠎ᠠ᠂ ᠴᠢᠭᠤᠯᠭᠠᠨ ᠤ ᠭᠠᠵᠠᠷ ᠢᠶᠠᠷ ᠳᠠᠮᠵᠢᠨ ᠬᠤᠰᠢᠭᠤᠨ ᠤ ᠲᠠᠮᠠᠭ᠎ᠠ ᠶᠢ ᠭᠠᠷ ᠲᠠᠭᠠᠨ ᠡᠵᠡᠮᠰᠢᠪᠡ᠃ ᠵᠠᠯᠭᠠᠭᠠᠳ ᠰᠦᠢᠶᠤᠸᠠᠨ ᠮᠤᠵᠢ ᠶᠢᠨ ᠵᠠᠰᠠᠭ ᠤᠨ ᠣᠷᠳᠣᠨ ᠳᠤ ᠬᠦᠷᠴᠦ᠂ ᠹᠦ᠋ ᠽᠦᠸᠧ ᠢ᠂ ᠳ᠋ᠦᠡᠭ ᠴᠢ ᠡᠤ ᠨᠠᠷ ᠲᠤ ᠵᠣᠯᠭᠠᠵᠦ᠂ ᠠᠭᠲᠠ ᠮᠣᠷᠢ ᠪᠠ ᠴᠠᠭᠠᠰᠤᠨ ᠵᠣᠭᠤᠰ ᠬᠦᠷᠭᠡᠵᠦ᠂ ᠶᠡᠭᠡ ᠵᠣᠣ ᠶᠢᠨ ᠡᠮᠦᠨᠡᠲᠦ ᠬᠢᠯᠢ ᠬᠢᠵᠠᠭᠠᠷ ᠢ ᠴᠠᠭᠳᠠᠨ ᠰᠡᠷᠭᠡᠶᠢᠯᠡᠬᠦ ᠰᠧᠯᠢᠩ ᠤᠨ ᠲᠤᠰᠢᠶᠠᠯ ᠳᠤ ᠲᠣᠮᠢᠯᠠᠭᠳᠠᠪᠠ᠃ 1947 ᠣᠨ ᠤ 3 ᠳ᠋ᠤᠭᠠᠷ ᠰᠠᠷ᠎ᠠ ᠳᠤ ᠬᠤᠰᠢᠭᠤ ᠠᠮᠤᠷ ᠢ ᠬᠠᠮᠠᠭᠠᠯᠠᠬᠤ ᠴᠡᠷᠢᠭ ᠤᠨ ᠰᠦᠮᠡᠲᠦ᠂ ᠴᠠᠭᠠᠨᠲᠤᠯᠤᠭᠠᠢ᠂ ᠵᠢᠷᠠ ᠨᠤᠲᠤᠭ ᠤᠨ ᠯᠢᠶᠠᠠ ᠤ ᠴᠡᠷᠢᠭ᠂ ᠲᠤᠸᠠᠨᠵᠠᠩ ᠥᠯᠵᠡᠶᠢᠬᠤᠲᠤᠭ᠂ ᠳᠡᠳ᠋ ᠲᠤᠸᠠᠨᠵᠠᠩ ᠪᠣᠷᠣᠪᠠᠭᠠᠲᠤᠷ ᠤᠨ ᠤᠳᠤᠷᠢᠳᠤᠯᠭ᠎ᠠ ᠳᠣᠣᠷ᠎ᠠ ᠪᠣᠰᠣᠯᠭ᠎ᠠ ᠭᠠᠷᠭᠠᠵᠤ᠂ ᠸᠠᠩ ᠤᠨ ᠣᠷᠳᠣᠨ ᠢ ᠬᠤᠮᠤᠷᠤᠨ ᠵᠡᠪᠰᠡᠭᠲᠦ ᠬᠦᠴᠦᠨ ᠢᠶᠠᠷ ᠳᠠᠷᠤᠯᠲᠠ ᠦᠵᠡᠭᠦᠯᠵᠦ᠂ ᠶᠠᠩᠰᠠᠨᠵᠠᠪ ᠢ ᠭᠤᠮᠢᠨᠳᠠᠩ ᠤᠨ ᠡᠵᠡᠮᠰᠢᠯ ᠠᠴᠠ ᠠᠩᠭᠢᠵᠢᠷᠠᠭᠤᠯᠵᠤ᠂ ᠡᠪ ᠬᠠᠮᠲᠤ ᠨᠠᠮ ᠤᠨ ᠲᠠᠯ᠎ᠠ ᠳᠤ ᠲᠠᠲᠠᠨ ᠠᠪᠴᠢᠷᠠᠬᠤ ᠭᠡᠪᠡ᠃ ᠶᠠᠩᠰᠠᠨᠵᠠᠪ ᠡᠨᠡ ᠴᠢᠮᠡᠭᠡ ᠶᠢ ᠣᠯᠵᠦ ᠮᠡᠳᠡᠭᠡᠳ ᠢᠷᠭᠠᠢ ᠳᠤ ᠲᠤᠲᠠᠭᠠᠨ ᠣᠴᠢᠵᠤ ᠲᠤᠰᠠᠯᠠᠮᠵᠢ ᠭᠤᠶᠤᠭᠰᠠᠨ ᠳᠤ ᠮᠠ ᠬᠤᠨᠭ᠌ ᠺᠦᠢ 2 ᠲᠤᠸᠠᠨ ᠴᠡᠷᠢᠭ ᠶᠠᠪᠤᠭᠤᠯᠵᠤ᠂ ᠪᠣᠰᠣᠯᠭ᠎ᠠ ᠶᠢᠨ ᠴᠡᠷᠢᠭ ᠢ ᠳᠠᠷᠤᠩᠭᠤᠶᠢᠯᠠᠪᠠ᠃ ᠶᠠᠩᠰᠠᠨᠵᠠᠪ ᠮᠠ ᠬᠤᠨᠭ᠌ ᠺᠦᠢ ᠶᠢᠨ ᠴᠡᠷᠢᠭ ᠤᠨ ᠬᠦᠴᠦᠨ ᠳᠤ ᠡᠷᠲᠦᠵᠦ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠲᠠᠬᠢᠯᠲᠦ ᠶᠢᠨ ᠠᠵᠢᠯᠯᠠᠬᠤ ᠬᠤᠷᠢᠶ᠎ᠠ ᠶᠢ ᠴᠣᠬᠢᠵᠤ᠂ ᠥᠯᠵᠡᠶᠢᠬᠤᠲᠤᠭ ᠢ ᠠᠯᠠᠵᠦ᠂ ᠪᠣᠰᠣᠯᠭ᠎ᠠ ᠳᠤ ᠣᠷᠣᠯᠴᠠᠭᠰᠠᠨ ᠴᠡᠷᠢᠭ ᠤᠳ ᠢ ᠶᠠᠯᠠᠯᠠᠨ ᠰᠢᠢᠳᠬᠡᠪᠡ᠃ 1947 ᠣᠨ ᠤ 7 ᠳ᠋ᠤᠭᠠᠷ ᠰᠠᠷ᠎ᠠ ᠳᠤ ᠶᠡᠭᠡ ᠵᠣᠣ ᠶᠢᠨ ᠡᠮᠦᠨᠡᠲᠡᠬᠢ ᠬᠢᠯᠢ ᠬᠢᠵᠠᠭᠠᠷ ᠢ ᠴᠠᠭᠳᠠᠨ ᠰᠡᠷᠭᠡᠶᠢᠯᠡᠬᠦ ᠰᠧᠯᠢᠩᠪᠦ᠋ ᠶᠢ ᠬᠠᠰᠤᠵᠤ᠂ ᠣᠲᠤᠭ ᠬᠤᠰᠢᠭᠤᠨ ᠤ ᠠᠮᠤᠷ ᠢ ᠬᠠᠮᠠᠭᠠᠯᠠᠬᠤ ᠰᠧᠯᠢᠩᠪᠦ᠋ ᠪᠠᠶᠢᠭᠤᠯᠵᠤ᠂ ᠶᠠᠩᠰᠠᠨᠵᠠᠪ ᠰᠧᠯᠢᠩ ᠢᠶᠠᠷ ᠲᠣᠮᠢᠯᠠᠭᠳᠠᠪᠠ᠃ ᠲᠡᠷᠡ ᠮᠠ ᠬᠤᠨᠭ᠌ ᠺᠦᠢ ᠶᠢᠨ ᠴᠡᠷᠢᠭ ᠢ ᠳᠠᠭᠠᠭᠤᠯᠤᠨ ᠢᠷᠠᠵᠤ ᠬᠤᠰᠢᠭᠤᠨ ᠤ ᠠᠷᠠᠳ ᠢ ᠳᠠᠯᠬᠢᠳᠠᠵᠦ᠂ ᠴᠢᠯᠦᠭᠡᠯᠡᠭᠳᠡᠭᠰᠡᠨ ᠣᠷᠣᠨ ᠢ ᠳᠡᠭᠡᠷᠡᠮᠳᠡᠵᠦ᠂ ᠪᠣᠰᠣᠯᠭ᠎ᠠ ᠶᠢᠨ ᠴᠡᠷᠢᠭ ᠢ ᠳᠠᠷᠤᠩᠭᠤᠶᠢᠯᠠᠵᠤ᠂ ᠬᠤᠰᠢᠭᠤ ᠳᠠᠶᠠᠭᠠᠷ ᠤᠨ ᠬᠤᠷᠣᠰᠤᠯ ᠢ ᠳᠡᠭᠳᠡᠭᠡᠵᠡᠢ᠃ ᠴᠢᠭᠤᠯᠭᠠᠨ ᠳᠠᠷᠤᠭ᠎ᠠ ᠶᠢᠨ ᠭᠠᠵᠠᠷ 1947 ᠣᠨ ᠤ ᠨᠠᠮᠤᠷ ᠠᠷᠭ᠎ᠠ ᠪᠤᠰᠤ ᠶᠠᠩᠰᠠᠨᠵᠠᠪ ᠤᠨ ᠪᠠᠷᠠᠭᠤᠨ ᠲᠤᠰᠠᠯᠠᠭᠴᠢ ᠪᠠ ᠠᠮᠤᠷ ᠢ ᠬᠠᠮᠠᠭᠠᠯᠠᠬᠤ ᠰᠧᠯᠢᠩ ᠤᠨ ᠲᠤᠰᠢᠶᠠᠯ ᠢ ᠣᠭᠴᠠᠷᠠᠭᠤᠯᠪᠠ᠃ ᠰᠢᠨ᠎ᠡ ᠳᠤᠮᠳᠠᠳᠤ ᠤᠯᠤᠰ ᠪᠠᠶᠢᠭᠤᠯᠤᠭᠳᠠᠭᠰᠠᠨ ᠤ ᠳᠠᠷᠠᠭ᠎ᠠ ᠶᠠᠩᠰᠠᠨᠵᠠᠪ ᠢ ᠬᠤᠪᠢᠰᠬᠠᠯ ᠤᠨ ᠡᠰᠡᠷᠭᠦᠦ ᠶᠠᠯ᠎ᠠ ᠪᠠᠷ ᠠᠯᠠᠬᠤ ᠶᠠᠯ᠎ᠠ ᠲᠣᠭᠲᠠᠭᠠᠵᠤ᠂ 1952 ᠣᠨ ᠤ 2 ᠳ᠋ᠤᠭᠠᠷ ᠰᠠᠷ᠎ᠠ ᠶᠢᠨ 10 ᠤ ᠡᠳᠦᠷ ᠬᠠᠷᠠᠭᠳᠠᠨ ᠰᠥᠮ᠎ᠡ ᠳᠡᠭᠡᠷ᠎ᠡ ᠫᠤᠤᠳᠠᠨ ᠠᠯᠠᠵᠠᠢ᠃           ︽ᠣᠲᠤᠭ ᠬᠤᠰᠢᠭᠤᠨ ᠤ ᠣᠶᠢᠯᠠᠯᠭ᠎ᠠ︾ ︽ᠣᠲᠤᠭ ᠬᠤᠰᠢᠭᠤᠨ ᠤ ᠣᠶᠢᠯᠠᠯᠭ᠎ᠠ︾ ᠨᠠᠶᠢᠷᠠᠭᠤᠯᠬᠤ ᠺᠣᠮᠢᠰ ᠨᠠᠶᠢᠷᠠᠭᠤᠯᠪᠠ
ᠢᠷᠡᠯᠲᠡ᠄ ᠣᠲᠤᠭ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ