ᠬᠦᠮᠦᠨ ᠤ ᠠᠮᠢᠳᠤᠷᠠᠯ ᠤᠨ ᠬᠠᠮᠤᠭ ᠳᠡᠭᠡᠳᠦ ᠬᠡᠯᠪᠡᠷᠢ
ᠨᠡᠶᠢᠲᠡᠯᠡᠭᠰᠡᠨ ᠴᠠᠭ᠄
2024/1/2
      1. ᠬᠦᠮᠦᠨ ᠤ ᠠᠮᠢᠳᠤᠷᠠᠯ ᠤᠨ ᠬᠠᠮᠤᠭ ᠳᠡᠭᠡᠳᠦ ᠬᠡᠯᠪᠡᠷᠢ᠄ ᠪᠠᠴᠢᠮᠳᠠᠵᠤ ᠰᠠᠨᠳᠤᠷᠤᠭᠰᠠᠨ ᠴᠦ ᠪᠤᠷᠤᠭᠤ ᠦᠭᠡ ᠬᠡᠯᠡᠬᠦ ᠦᠭᠡᠢ᠂ ᠦᠨᠡᠯᠡᠮᠵᠢ ᠮᠡᠳᠡᠷᠡᠮᠵᠢ ᠰᠠᠮᠠᠭᠤᠷᠠᠭᠰᠠᠨ ᠴᠦ ᠬᠦᠮᠦᠨ ᠢ ᠪᠤᠷᠤᠭᠤ ᠲᠠᠨᠢᠬᠤ ᠦᠭᠡᠢ᠂ ᠲᠥᠪᠡᠭ ᠪᠣᠳᠣᠯᠢᠶᠠᠨ ᠪᠠᠶᠢᠩᠭᠤ ᠲᠤᠬᠢᠶᠠᠯᠳᠤᠭᠰᠠᠨ ᠴᠦ ᠪᠤᠷᠤᠭᠤ ᠵᠠᠮ ᠢᠶᠠᠷ ᠵᠠᠮᠨᠠᠬᠤ ᠦᠭᠡᠢ᠃       2. ᠪᠡᠶ᠎ᠡ ᠪᠠᠨ ᠪᠠᠷᠢᠬᠤ ᠶᠢᠨ ᠬᠠᠮᠤᠭ ᠳᠡᠭᠡᠳᠦ ᠬᠡᠯᠪᠡᠷᠢ᠄ ᠭᠠᠪᠢᠶ᠎ᠠ ᠵᠢᠳᠭᠦᠯ ᠦᠭᠡᠢ ᠪᠠᠷ ᠶᠡᠭᠡ ᠬᠡᠰᠢᠭ ᠬᠦᠷᠲᠡᠬᠦ ᠦᠭᠡᠢ᠂ ᠠᠴᠢ ᠲᠤᠰᠠ ᠬᠦᠷᠭᠡᠭᠰᠡᠨ ᠦᠭᠡᠢ ᠪᠠᠷ ᠶᠡᠭᠡ ᠶᠣᠰᠣ ᠡᠵᠡᠯᠡᠬᠦ ᠦᠭᠡᠢ᠂ ᠡᠷᠳᠡᠮ ᠴᠢᠳᠠᠪᠤᠷᠢ ᠦᠭᠡᠢ ᠪᠠᠷ ᠶᠡᠭᠡ ᠣᠷᠣᠨ ᠳᠤ ᠰᠠᠭᠤᠬᠤ ᠦᠭᠡᠢ᠃       3. ᠠᠮᠢᠳᠤᠷᠠᠯ ᠤᠨ ᠬᠠᠮᠤᠭ ᠳᠡᠭᠡᠳᠦ ᠬᠡᠯᠪᠡᠷᠢ᠄ ᠪᠠᠶᠢᠩᠭᠤ ᠡᠷᠳᠡᠮᠲᠡᠨ ᠮᠡᠷᠭᠡᠳ ᠲᠠᠢ ᠣᠶᠢᠷᠠᠲᠤᠨ᠂ ᠰᠤᠯᠠ ᠰᠡᠯᠡᠭᠦᠦ ᠴᠠᠭ ᠢᠶᠠᠷ ᠢᠶᠠᠨ ᠪᠢᠴᠢᠭ ᠤᠨ ᠬᠦᠮᠦᠰ ᠲᠠᠢ ᠵᠣᠭᠤᠭᠳᠠᠨ ᠬᠦᠦᠷᠨᠢᠯᠳᠦᠵᠦ᠂ ᠢᠮᠠᠭᠲᠠ ᠲᠥᠷᠦᠯ ᠲᠥᠷᠦᠭᠰᠡᠳ ᠲᠠᠢ ᠪᠠᠨ ᠶᠠᠪᠤᠵᠤ ᠰᠠᠭᠤᠯᠴᠠᠬᠤ᠃       4. ᠠᠵᠢᠯ ᠦᠢᠯᠡᠰ ᠤᠨ ᠬᠠᠮᠤᠭ ᠳᠡᠭᠡᠳᠦ ᠬᠡᠯᠪᠡᠷᠢ᠄ ᠠᠵᠢᠯ ᠦᠢᠯᠡᠰ ᠲᠤ ᠪᠠᠨ ᠰᠢᠮᠳᠠᠵᠤ ᠬᠠᠷᠠᠮᠰᠠᠯ ᠦᠯᠡᠳᠡᠭᠡᠬᠦ ᠦᠭᠡᠢ ᠵᠢᠳᠭᠦᠬᠦ᠂ ᠠᠶᠢᠯ ᠭᠡᠷ ᠢᠶᠠᠨ ᠳᠣᠳᠤᠮᠳᠠᠵᠤ ᠢᠳᠡᠵᠦ ᠡᠮᠦᠰᠬᠦ ᠳᠤ ᠪᠠᠨ ᠵᠣᠪᠠᠭ᠋ᠤ ᠦᠭᠡᠢ ᠶᠠᠪᠤᠬᠤ᠂ ᠰᠡᠳᠭᠢᠯ ᠰᠠᠨᠠᠭ᠎ᠠ ᠵᠣᠪᠠᠭᠤᠷᠢᠯᠠᠬᠤ ᠤᠴᠢᠷ ᠦᠭᠡᠢ ᠢᠮᠠᠭᠲᠠ ᠲᠡᠨᠢᠭᠦᠨ ᠪᠠᠶᠠᠰᠤᠩᠭᠤᠢ ᠪᠠᠶᠢᠬᠤ ᠃       5. ᠠᠯᠳᠠᠷ ᠨᠡᠷ᠎ᠡ ᠶᠢᠨ ᠬᠠᠮᠤᠭ ᠳᠡᠭᠡᠳᠦ ᠬᠡᠯᠪᠡᠷᠢ᠄ ᠶᠠᠪᠤᠵᠤ ᠦᠩᠭᠡᠷᠡᠭᠦᠯᠦᠭᠰᠡᠨ ᠵᠠᠮ ᠢᠶᠠᠷ ᠴᠢᠨᠢ ᠠᠯᠳᠠᠷ ᠨᠡᠷ᠎ᠡ ᠴᠢᠨᠢ ᠦᠨᠢᠳᠡ ᠳᠠᠭᠤᠷᠢᠰᠬᠤ᠃       6. ᠠᠷᠢᠬᠢ ᠤᠤᠭᠤᠬᠤ ᠶᠢᠨ ᠬᠠᠮᠤᠭ ᠳᠡᠭᠡᠳᠦ ᠬᠡᠯᠪᠡᠷᠢ᠄ ᠴᠢ ᠪᠠᠰᠠ ᠬᠦᠮᠦᠨ ᠲᠠᠨᠢᠵᠤ ᠪᠠᠶᠢᠬᠤ ᠳᠤ ᠨᠦᠭᠦᠭᠡᠳᠦᠭᠦᠯᠡ ᠴᠢᠨᠢ ᠨᠢᠭᠡᠨᠲᠡ ᠴᠢᠨᠦ ᠬᠡᠨ ᠪᠣᠯᠬᠤ ᠶᠢ ᠮᠡᠳᠡᠬᠦ ᠪᠠᠨ ᠪᠤᠯᠢᠭᠰᠠᠨ ᠪᠠᠶᠢᠬᠤ᠃       7. ᠨᠠᠶᠢᠵᠠᠯᠠᠵᠤ ᠶᠠᠪᠤᠯᠴᠠᠬᠤ ᠬᠠᠮᠤᠭ ᠳᠡᠭᠡᠳᠦ ᠬᠡᠯᠪᠡᠷᠢ᠄ ᠨᠡᠯᠢᠶᠡᠳ ᠤᠳᠠᠭᠠᠨ ᠬᠠᠷᠢᠴᠠᠭ᠎ᠠ ᠬᠤᠯᠪᠣᠭ᠎ᠠ ᠠᠪᠤᠭᠰᠠᠨ ᠦᠭᠡᠢ ᠪᠣᠯᠪᠠᠴᠤ ᠪᠣᠳᠣᠯ ᠰᠡᠳᠭᠢᠯ ᠳᠤ ᠪᠠᠨ ᠢᠮᠠᠭᠲᠠ ᠪᠣᠳᠣᠭᠰᠠᠭᠠᠷ ᠪᠠᠶᠢᠬᠤ᠃       8. ᠢᠨᠠᠭ ᠬᠠᠶᠢᠷ᠎ᠠ ᠶᠢᠨ ᠬᠠᠮᠤᠭ ᠳᠡᠭᠡᠳᠦ ᠬᠡᠯᠪᠡᠷᠢ᠄ ᠬᠡᠳᠦ᠋ᠢᠪᠡᠷ ᠵᠠᠵᠢᠨ ᠦᠰᠦ ᠴᠠᠶᠢᠭᠰᠠᠨ ᠪᠣᠯᠪᠠᠴᠤ ᠭᠠᠷ ᠭᠠᠷ ᠢᠶᠠᠨ ᠬᠤᠯᠪᠣᠯᠴᠠᠨ ᠦᠯᠡᠳᠡᠭᠰᠡᠨ ᠵᠠᠮ ᠢᠶᠠᠨ ᠦᠷᠭᠦᠯᠵᠢᠯᠡᠨ ᠶᠠᠪᠤᠬᠤ᠃       9. ᠠᠮᠢ ᠨᠠᠰᠤᠨ ᠤ ᠬᠠᠮᠤᠭ ᠳᠡᠭᠡᠳᠦ ᠬᠡᠯᠪᠡᠷᠢ᠄ ᠣᠬᠢᠯᠠᠵᠤ ᠢᠷᠡᠭᠡᠳ ᠢᠨᠢᠶᠡᠵᠦ ᠣᠳᠬᠤ᠃  
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ