ᠶᠣᠰᠤ ᠰᠤᠷᠳᠠᠬᠤᠨ ᠤ ᠬᠦᠮᠦᠵᠢᠯ ᠢ ᠬᠡᠷᠬᠢᠨ ᠬᠢᠬᠦ ᠪᠣᠢ
ᠨᠡᠶᠢᠲᠡᠯᠡᠭᠰᠡᠨ ᠴᠠᠭ᠄
2024/1/22
      ᠪᠠᠭ᠎ᠠ ᠰᠤᠷᠭᠠᠭᠤᠯᠢ ᠶᠢᠨ ᠱᠠᠳᠤᠨ ᠳᠠᠬᠢ ᠦᠶ᠎ᠡ ᠪᠣᠯ ᠰᠤᠷᠤᠭᠴᠢᠳ ᠤᠨ ᠪᠡᠶ᠎ᠡ ᠮᠠᠬᠠᠪᠤᠳ ᠨᠢ ᠦᠰᠦᠨ ᠪᠤᠶᠢᠵᠢᠵᠤ᠂ ᠡᠷᠬᠢᠮ ᠳᠡᠬᠡᠳᠤ ᠵᠠᠩ ᠴᠢᠨᠠᠷ ᠤᠨ ᠪᠦᠷᠢᠯᠳᠦᠨ ᠳᠤᠭᠳᠠᠬᠤ ᠴᠢᠬᠤᠯᠠ ᠱᠠᠳᠤ ᠦᠶ᠎ᠡ ᠪᠤᠯᠬᠤ ᠶᠤᠮ᠃ ᠡᠨᠡᠬᠦ ᠱᠠᠳᠤ ᠦᠶ᠎ᠡ ᠳᠤ ᠰᠤᠷᠭᠠᠭᠤᠯᠢ ᠶᠢᠨ ᠰᠤᠷᠭᠠᠨ ᠬᠦᠮᠦᠵᠢᠯ᠂ ᠬᠡᠷ ᠪᠦᠯᠢ ᠶᠢᠨ ᠰᠤᠷᠭᠠᠨ ᠬᠦᠮᠦᠵᠢᠯ᠂ ᠨᠡᠶᠢᠬᠡᠮ ᠤᠨ ᠤᠷᠴᠢᠨ ᠳᠤᠭᠤᠷᠢᠨ ᠤ ᠨᠦᠯᠦᠬᠡ ᠳᠤᠰᠬᠠᠯ ᠨᠢ ᠲᠦᠢᠯ ᠤᠨ ᠴᠢᠬᠤᠯᠠ ᠪᠠᠶᠢᠳᠠᠭ᠃ ᠵᠢᠭᠠᠨ ᠰᠤᠷᠭᠠᠬᠤ ᠠᠵᠢᠯ ᠰᠤᠷᠭᠠᠭᠤᠯᠢ ᠶᠢᠨ ᠵᠢᠭᠠᠬᠤ ᠭᠤᠤᠯᠳᠠᠯᠭ᠎ᠠ ᠪᠣᠯᠪᠠᠴᠤ᠂ ᠡᠨᠡ ᠭᠤᠤᠯᠳᠠᠯᠭ᠎ᠠ ᠪᠠᠨ ᠠᠮᠵᠢᠯᠳᠠ ᠲᠠᠢ ᠪᠡᠶᠡᠯᠡᠬᠦᠯᠬᠦ ᠳᠤ ᠶᠣᠰᠤ ᠰᠤᠷᠳᠠᠬᠤᠨ ᠤ ᠬᠦᠮᠦᠵᠢᠯ ᠢ ᠤᠮᠳᠤᠭᠠᠶᠢᠯᠠᠵᠤ ᠪᠤᠯᠬᠤ ᠦᠭᠡᠢ᠃ ᠶᠤᠰᠤ ᠰᠤᠷᠳᠠᠬᠤᠨ ᠤ ᠬᠦᠮᠦᠵᠢᠯ ᠪᠤᠯ ᠰᠤᠷᠭᠠᠨ ᠬᠦᠮᠦᠵᠢᠯ ᠤᠨ ᠴᠢᠬᠤᠯᠠ ᠠᠭᠤᠯᠭ᠎ᠠ ᠪᠣᠯᠤᠨ᠎ᠠ᠃ ᠶᠤᠰᠤ ᠰᠤᠷᠳᠠᠬᠤᠨ ᠤ ᠬᠦᠮᠦᠵᠢᠯ ᠢ ᠰᠠᠶᠢᠳᠤᠷ ᠬᠢᠵᠤ ᠴᠢᠳᠠᠬᠤ ᠡᠰᠡᠬᠦ ᠶᠢᠨ ᠵᠠᠩᠬᠢᠯᠠᠭ᠎ᠠ ᠨᠢ ᠪᠠᠭᠰᠢ ᠪᠣᠯᠤᠭᠰᠠᠳ ᠤᠨ ᠬᠤᠪᠢ ᠪᠡᠶ᠎ᠡ ᠶᠢᠨ ᠴᠢᠨᠠᠷ ᠴᠢᠨᠰᠠᠭ᠎ᠠ᠂ ᠪᠣᠯᠪᠠᠰᠤᠷᠠᠯ  ᠤᠨ ᠬᠡᠮᠵᠢᠶ᠎ᠡ ᠲᠠᠢ ᠰᠢᠭᠤᠳ ᠬᠤᠯᠪᠤᠭᠳᠠᠯ ᠲᠠᠢ ᠶᠤᠮ᠃ ᠦᠪᠡᠷ ᠤᠨ ᠪᠡᠶ᠎ᠡ ᠪᠠᠷ ᠢᠶᠠᠨ ᠬᠡᠪ ᠳᠦᠷᠢᠮ ᠦᠵᠡᠬᠦᠯᠦᠭᠰᠡᠳ ᠰᠠᠶ᠋ᠢ ᠪᠠᠭᠠᠴᠤᠳ ᠬᠡᠤᠬᠡᠳ ᠲᠤ ᠳᠡᠬᠡᠳᠤ ᠬᠡᠮᠵᠢᠶᠡᠨ ᠤ ᠶᠣᠰᠤ ᠰᠤᠷᠳᠠᠬᠤᠨ ᠤ ᠬᠦᠮᠦᠵᠢᠯ ᠢ ᠬᠦᠷᠳᠡᠬᠡᠵᠤ᠂ ᠪᠦᠬᠦ ᠳᠠᠯ᠎ᠠ ᠪᠠᠷ ᠬᠦᠮᠦᠵᠢᠭᠦᠯᠬᠦ ᠬᠠᠷᠠᠯᠳᠠ ᠳᠤ ᠪᠠᠨ ᠬᠦᠷᠴᠤ ᠴᠢᠳᠠᠨ᠎ᠠ᠃       ᠨᠢᠬᠡ᠄ ᠪᠠᠭᠰᠢ ᠪᠡᠶ᠎ᠡ ᠪᠠᠷ ᠢᠶᠠᠨ ᠬᠡᠪ ᠲᠦᠷᠢᠮ ᠪᠣᠯᠬᠤ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠳᠠᠭᠤᠷᠢᠶᠠᠬᠤ ᠴᠢᠳᠠᠪᠤᠷᠢ ᠲᠤᠩ ᠴᠢᠩᠭ᠎ᠠ ᠪᠠᠶᠢᠳᠠᠭ᠃ ᠪᠠᠭᠰᠢ  ᠶᠢᠨ ᠰᠡᠳᠬᠢᠯᠬᠡ᠂ ᠦᠬᠡ ᠶᠠᠷᠢᠶ᠎ᠠ᠂ ᠦᠢᠯᠡ ᠠᠵᠢᠯᠯᠠᠭ᠎ᠠ ᠪᠦᠬᠦᠨ ᠰᠤᠷᠤᠭᠴᠢ ᠶᠢᠨ ᠠᠩᠬᠠᠷᠤᠯ ᠢ ᠳᠠᠳᠠᠵᠤ᠂ ᠰᠡᠳᠬᠢᠯ  ᠳᠤ ᠨᠢ ᠭᠦᠨ ᠰᠠᠭᠤᠭᠳᠠᠯ ᠪᠣᠯᠵᠤ᠂ ᠳᠡᠷᠠ ᠶᠠᠩᠵᠤ ᠪᠠᠷ ᠬᠢᠵᠤ ᠭᠦᠢᠴᠡᠳᠬᠡᠬᠦ ᠪᠠᠷ ᠴᠢᠷᠮᠠᠶᠢᠳᠠᠭ ᠶᠤᠮ᠃ ᠵᠢᠱᠢᠶᠡᠯᠡᠪᠡᠯ᠄ ᠪᠠᠭᠰᠢ ᠪᠤᠯᠬᠢ ᠪᠦᠳᠦᠬᠦᠯᠢᠭ ᠦᠬᠡ ᠶᠠᠷᠢᠶ᠎ᠠ ᠶᠠᠷᠢᠬᠤ᠂ ᠪᠤᠵᠠᠷ ᠪᠤᠷᠳᠠᠭ ᠡᠮᠦᠰᠴᠤ ᠵᠡᠭᠦᠬᠦ᠂ ᠡᠯᠳᠡᠪ ᠶᠠᠩᠵᠤ ᠪᠠᠷ ᠭᠠᠩᠭᠠᠯᠠᠵᠤ ᠵᠠᠰᠠᠬᠤ᠂ ᠬᠠᠮᠢᠶ᠎ᠠ ᠨᠠᠮᠢᠶ᠎ᠠ ᠦᠭᠡᠢ ᠨᠢᠯᠪᠤᠬᠤ᠂᠂᠂᠂᠂ ᠵᠡᠷᠬᠡ ᠪᠠᠶᠢᠳᠠᠯ ᠢᠯᠡᠷᠡᠪᠡᠯ ᠰᠤᠷᠤᠭᠴᠢ ᠪᠤᠳᠠᠳᠠᠢ ᠠᠮᠢᠳᠤᠷᠠᠯ ᠦᠢᠯᠡᠳᠦᠯᠬᠡ ᠳᠤᠮᠳᠠ ᠶᠤᠰᠤ ᠰᠤᠷᠳᠠᠬᠤᠨ ᠤ ᠮᠡᠳᠡᠯᠬᠡ ᠪᠠᠷ ᠢᠶᠠᠨ ᠪᠡᠶ᠎ᠡ ᠪᠠᠨ ᠴᠢᠩᠭ᠎ᠠ ᠱᠠᠭᠠᠷᠳᠠᠵᠤ ᠳᠡᠶᠢᠯᠬᠦ ᠦᠭᠡᠢ ᠶᠤᠮ᠃ ᠡᠶᠢᠮᠦ ᠠᠴᠠ ᠪᠠᠭᠰᠢ ᠪᠣᠯᠤᠭᠰᠠᠳ ᠬᠤᠪᠢ ᠪᠡᠶ᠎ᠡ ᠪᠠᠨ ᠴᠢᠩᠭ᠎ᠠ ᠱᠠᠭᠠᠷᠳᠠᠬᠤ ᠬᠡᠷᠡᠭᠳᠠᠢ᠃       ᠬᠤᠶᠠᠷ᠄ ᠶᠣᠰᠤ ᠰᠤᠷᠳᠠᠬᠤᠨ ᠤ ᠬᠦᠮᠦᠵᠢᠯ ᠢ ᠵᠢᠭᠠᠨ ᠰᠤᠷᠭᠠᠯᠳᠠ ᠳᠤ ᠠᠭᠤᠰᠬᠠᠬᠤ ᠡᠯ᠎ᠡ ᠬᠢᠴᠢᠶᠡᠯ ᠳᠦᠷᠦᠯ ᠤᠨ ᠪᠠᠭᠰᠢ ᠨᠠᠷ ᠦᠪᠡᠷ ᠤᠨ ᠬᠢᠴᠢᠶᠡᠯᠯᠡᠭᠡ ᠳᠤᠮᠳᠠ ᠪᠠᠨ ᠶᠤᠰᠤ ᠮᠤᠷᠠᠯ ᠤᠨ ᠬᠦᠮᠦᠵᠢᠯ ᠢ ᠤᠶᠠᠯᠳᠤᠭᠤᠯᠤᠨ ᠤᠷᠣᠪᠠᠯ ᠬᠢᠴᠢᠶᠡᠯ ᠤᠨ ᠦᠷ᠎ᠡ ᠪᠦᠳᠦᠮᠵᠢ ᠳᠡᠬᠡᠭᠰᠢᠯᠡᠬᠦ ᠪᠣᠯᠤᠨ᠎ᠠ᠃ ᠵᠠᠷᠢᠮ ᠪᠠᠭᠰᠢ ᠬᠢᠴᠢᠶᠡᠯ ᠵᠢᠭᠠᠬᠤ ᠨᠢ ᠮᠤᠷᠠᠯ ᠤᠨ ᠬᠦᠮᠦᠵᠢᠯ ᠲᠠᠢ ᠬᠠᠮᠢᠶ᠎ᠠ ᠦᠭᠡᠢ᠂ ᠰᠤᠷᠤᠭᠴᠢᠳ ᠤᠨ ᠶᠤᠰᠤ ᠰᠤᠷᠳᠠᠬᠤᠨ ᠤ ᠬᠦᠮᠦᠵᠢᠯ ᠢ ᠠᠩᠬᠢ ᠶᠢᠨ ᠡᠷᠬᠢᠯᠡᠭᠴᠢ ᠯᠡ ᠭᠦᠢᠴᠡᠳᠬᠡᠳᠡᠭ ᠬᠡᠵᠤ ᠦᠵᠡᠬᠡᠳ ᠰᠤᠷᠤᠭᠴᠢᠳ ᠲᠤ ᠶᠤᠰᠤ ᠰᠤᠷᠳᠠᠬᠤᠨ ᠤ ᠬᠦᠮᠦᠵᠢᠯ ᠬᠢᠬᠦ ᠶᠢ ᠤᠮᠳᠤᠭᠠᠶᠢᠯᠠᠵᠤ ᠪᠠᠶᠢᠳᠠᠭ᠃ ᠢᠩᠬᠢᠬᠦᠯᠡᠷ ᠰᠤᠷᠤᠭᠴᠢᠳ ᠲᠤ ᠠᠩᠬᠢ ᠶᠢᠨ ᠡᠷᠬᠢᠯᠡᠭᠴᠢ ᠯᠡ ᠴᠤᠷ ᠤᠨ ᠭᠠᠭᠴᠠ ᠳᠤᠳᠤᠨᠤ ᠰᠠᠨᠠᠭᠳᠠᠵᠤ ᠪᠤᠰᠤᠳ ᠬᠢᠴᠢᠶᠡᠯ ᠳᠦᠷᠦᠯ ᠤᠨ ᠪᠠᠭᠰᠢ ᠨᠠᠷ ᠨᠢ ᠵᠦᠪᠬᠡᠨ ᠡᠬᠦᠷᠬᠡ ᠪᠠᠨ ᠪᠡᠶᠡᠯᠡᠬᠦᠯᠳᠡᠭ ᠢᠶᠠᠷ ᠦᠵᠡᠳᠡᠭ᠃ ᠡᠶᠢᠮᠦ ᠠᠴᠠ ᠪᠠᠭᠰᠢ ᠨᠠᠷ ᠡᠷᠬᠡᠪᠰᠢ ᠬᠢᠴᠢᠶᠡᠯ ᠳᠦᠷᠦᠯ  ᠤᠨ ᠤᠨᠴᠠᠯᠢᠭ ᠲᠤ ᠳᠤᠬᠢᠷᠠᠭᠤᠯᠤᠨ ᠪᠢᠴᠢᠭ ᠵᠢᠭᠠᠬᠤ ᠮᠦᠷᠳᠡᠬᠡᠨ ᠶᠤᠰᠤ ᠰᠤᠷᠳᠠᠬᠤᠨ ᠤ ᠬᠦᠮᠦᠵᠢᠯ ᠢ ᠬᠢᠬᠦ ᠬᠡᠷᠡᠭᠳᠡᠢ᠃ ᠭᠠᠭᠴᠠ ᠠᠩᠬᠢ ᠶᠢᠨ ᠡᠷᠬᠢᠯᠡᠭᠴᠢ ᠪᠠᠭᠰᠢ ᠳᠤ ᠳᠦᠰᠢᠭᠯᠡᠨ ᠶᠤᠰᠤ ᠮᠤᠷᠠᠯ ᠤᠨ ᠬᠦᠮᠦᠵᠢᠯ ᠬᠢᠵᠤ ᠪᠤᠯᠬᠤ ᠦᠭᠡᠢ᠃ ᠬᠠᠷᠢᠨ ᠬᠠᠷᠢᠯᠴᠠᠨ ᠤᠶᠠᠯᠳᠤᠨ᠂ ᠰᠤᠷᠤᠭᠴᠢ ᠶᠢᠨ ᠶᠤᠰᠤ ᠮᠤᠷᠠᠯ ᠤᠨ ᠳᠠᠯ᠎ᠠ ᠪᠠᠷ ᠢᠯᠡᠬᠦᠤ ᠤᠶᠢᠯᠠᠭᠠᠵᠤ᠂ ᠳᠡᠳᠡᠨ ᠤ ᠰᠠᠶᠢᠨ ᠰᠠᠶᠢᠬᠠᠨ ᠶᠤᠰᠤ ᠰᠤᠷᠳᠠᠬᠤᠨ ᠤ ᠪᠦᠷᠢᠯᠳᠦᠬᠦ ᠳᠤ ᠠᠴᠢ ᠳᠤᠰᠠ ᠦᠵᠡᠬᠦᠯᠬᠦ ᠶᠤᠮ ᠪᠤᠯ ᠰᠠᠶ᠋ᠢ ᠪᠠᠭᠰᠢ ᠠᠬᠠᠮᠠᠳ ᠢᠶᠠᠨ ᠬᠦᠨᠳᠦᠳᠬᠡᠬᠦ᠂ ᠪᠡᠶ᠎ᠡ ᠪᠠᠨ ᠬᠦᠨᠳᠦᠳᠬᠡᠬᠦ᠂ ᠬᠠᠮᠳᠤ ᠨᠡᠶᠢᠳᠡ ᠪᠠᠨ ᠬᠠᠶᠢᠷᠠᠯᠠᠬᠤ ᠵᠡᠷᠬᠡ ᠬᠦᠮᠦᠵᠢᠯ ᠬᠦᠷᠳᠡᠬᠡᠨ᠂ ᠠᠯᠤᠰ ᠤᠨ ᠬᠠᠷᠠᠯᠳᠠ ᠲᠠᠢ ᠴᠠᠭ ᠦᠶ᠎ᠡ ᠶᠢᠨ ᠰᠢᠯᠢᠳᠡᠭ ᠴᠢᠳᠠᠪᠤᠷᠢᠳᠠᠨ ᠢ ᠬᠦᠮᠦᠵᠢᠬᠦᠯᠵᠤ ᠴᠢᠳᠠᠨ᠎ᠠ᠃       ᠭᠤᠷᠪᠠ᠄ ᠶᠣᠰᠤ ᠰᠤᠷᠳᠠᠬᠤᠨ ᠤ ᠬᠦᠮᠦᠵᠢᠯ ᠢ ᠬᠢᠬᠦ ᠳᠤ ᠬᠡᠷ ᠤᠨ ᠠᠬᠠᠮᠠᠳ ᠲᠠᠢ ᠤᠶᠠᠯᠳᠤᠬᠤ ᠶᠤᠰᠤ ᠰᠤᠷᠳᠠᠬᠤᠨ ᠤ ᠬᠦᠮᠦᠵᠢᠯ ᠢ ᠬᠢᠬᠦ ᠳᠤ ᠬᠡᠷ ᠤᠨ ᠠᠬᠠᠮᠠᠳ ᠲᠠᠢ ᠢᠯᠡᠬᠦᠤ ᠶᠠᠷᠢᠯᠴᠠᠵᠤ᠂ ᠬᠡᠷ ᠤᠨ ᠠᠬᠠᠮᠠᠳ ᠤᠨ ᠦᠵᠡᠯᠳᠡ ᠶᠢ ᠰᠣᠨᠤᠰᠴᠤ᠂ ᠨᠠᠷᠢᠨ ᠬᠢᠨᠠᠮᠠᠭᠠᠢ ᠵᠠᠳᠠᠯᠤᠨ᠂ ᠶᠣᠰᠤ ᠰᠤᠷᠳᠠᠬᠤᠨ ᠤ ᠭᠤᠤᠯ ᠴᠢᠮᠤᠬᠡ ᠶᠢ ᠳᠠᠨᠢᠭᠤᠯᠵᠤ᠂ ᠰᠤᠷᠭᠠᠭᠤᠯᠢ᠂ ᠨᠡᠶᠢᠬᠡᠮ᠂ ᠬᠡᠷ ᠪᠦᠯᠢ ᠶᠢᠨ ᠬᠦᠮᠦᠵᠢᠯ ᠤᠨ ᠰᠠᠯᠵᠤ ᠪᠣᠯᠤᠰᠢ ᠦᠭᠡᠢ ᠬᠠᠷᠢᠴᠠᠭ᠎ᠠ ᠶᠢ ᠮᠡᠳᠡᠬᠦᠯᠵᠤ᠂ ᠰᠤᠷᠤᠭᠴᠢᠳ ᠤᠨ ᠡᠷᠬᠢᠮ ᠨᠠᠨᠳᠢᠨ ᠮᠤᠷᠠᠯ ᠰᠤᠷᠳᠠᠯ ᠲᠠᠢ ᠪᠣᠯᠬᠤ ᠳᠤ ᠴᠢᠬᠤᠯᠠ ᠦᠢᠯᠡᠳᠦᠯ ᠦᠵᠡᠬᠦᠯᠬᠦ ᠬᠡᠷᠡᠭᠳᠡᠢ ᠶᠤᠮ᠃ ᠰᠤᠷᠭᠠᠭᠤᠯᠢ᠂ ᠬᠡᠷ ᠪᠦᠯᠢ ᠬᠠᠮᠳᠤᠷᠠᠬᠤ ᠶᠠᠪᠤᠳᠠᠯ ᠪᠣᠯ ᠶᠠᠷᠢᠶᠠᠨ ᠦᠭᠡᠢ ᠬᠤᠶᠠᠷ ᠳᠠᠯ᠎ᠠ  ᠶᠢᠨ ᠬᠠᠮᠳᠤ ᠶᠢᠨ ᠬᠠᠷᠢᠭᠤᠴᠠᠯᠭ᠎ᠠ ᠮᠦᠨ᠃ ᠬᠡᠳᠡᠯ᠎ᠡ ᠪᠠᠭᠰᠢ ᠪᠣᠯ ᠬᠡᠷ ᠤᠨ ᠠᠬᠠᠮᠠᠳ ᠠᠴᠠ ᠢᠯᠡᠬᠦᠤ ᠡᠯ᠎ᠡ ᠵᠦᠢᠯ  ᠤᠨ ᠰᠤᠷᠭᠠᠨ ᠬᠦᠮᠦᠵᠢᠯ ᠤᠨ ᠮᠡᠳᠡᠯᠬᠡ᠂ ᠠᠷᠭ᠎ᠠ ᠪᠠᠷᠢᠯ ᠢ ᠮᠡᠳᠡᠵᠤ᠂ ᠰᠤᠷᠭᠠᠨ ᠬᠦᠮᠦᠵᠢᠯ ᠤᠨ ᠵᠢᠮ᠎ᠡ ᠶᠤᠰᠤ ᠶᠢ ᠤᠶᠢᠯᠠᠭᠠᠳᠠᠭ᠃ ᠡᠶᠢᠮᠦ ᠠᠴᠠ ᠪᠠᠭᠰᠢ ᠨᠠᠷ ᠬᠡᠷ ᠤᠨ ᠠᠬᠠᠮᠠᠳ ᠲᠠᠢ ᠢᠯᠡᠬᠦᠤ ᠬᠠᠷᠢᠯᠴᠠᠵᠤ᠂ ᠬᠠᠷᠢᠯᠴᠠᠨ ᠢᠳᠡᠬᠡᠯᠳᠡᠢ ᠪᠠᠶᠢᠵᠤ᠂ ᠠᠯᠬᠤᠭ᠎ᠠ ᠨᠢᠬᠡᠳᠡᠢ ᠪᠠᠷ ᠰᠤᠷᠣᠭᠴᠢ ᠳᠤ ᠶᠣᠰᠤ ᠰᠤᠷᠳᠠᠬᠤᠨ ᠤ ᠦᠯᠢᠬᠡᠷ ᠵᠢᠱᠢᠶ᠎ᠡ ᠪᠣᠯᠬᠤ ᠬᠡᠷᠡᠭᠳᠡᠢ ᠪᠠᠶᠢᠨ᠎ᠠ᠃       ᠳᠦᠷᠪᠡ᠄ ᠶᠣᠰᠤ ᠰᠤᠷᠳᠠᠬᠤᠨ ᠤ ᠬᠦᠮᠦᠵᠢᠯ ᠢ ᠬᠢᠴᠢᠶᠡᠯ ᠤᠨ ᠭᠠᠳᠠᠨᠠᠬᠢ ᠬᠦᠳᠡᠯᠬᠡᠬᠡᠨ ᠤ ᠳᠤᠮᠳᠠ ᠶᠠᠪᠤᠭᠳᠠᠭᠤᠯᠬᠤ ᠪᠠᠭ᠎ᠠ ᠰᠤᠷᠭᠠᠭᠤᠯᠢ ᠶᠢᠨ ᠰᠤᠷᠭᠠᠨ ᠬᠦᠮᠦᠵᠢᠯ ᠳᠤ ᠤᠯᠠᠨ ᠵᠦᠢᠯ ᠤᠨ ᠤᠳᠬ᠎ᠠ ᠠᠭᠤᠯᠭ᠎ᠠ ᠲᠠᠢ ᠬᠦᠳᠡᠯᠬᠡᠬᠡᠨ ᠦᠷᠨᠢᠬᠦᠯᠵᠤ ᠪᠠᠶᠢᠳᠠᠭ᠃ ᠵᠢᠱᠢᠶᠡᠯᠡᠪᠡᠯ᠄ ᠬᠤᠰᠢᠭᠤᠴᠢ ᠠᠩᠬᠢ ᠶᠢᠨ ᠬᠦᠳᠡᠯᠬᠡᠬᠡᠨ᠂ ᠠᠩᠬᠢ ᠶᠢᠨ ᠬᠤᠷᠠᠯ᠂ ᠠᠯᠪᠠᠨ ᠵᠢᠷᠤᠮ ᠤᠨ ᠬᠦᠳᠡᠯᠮᠦᠷᠢ᠂ ᠰᠠᠶᠢᠨ ᠬᠦᠮᠦᠨ ᠤ ᠰᠠᠶᠢᠨ ᠦᠢᠯᠡ ᠠᠵᠢᠯᠯᠠᠭ᠎ᠠ᠂᠂᠂᠂᠂ ᠵᠡᠷᠬᠡ ᠳᠤ ᠳᠣᠭᠳᠠᠭᠰᠠᠨ ᠶᠣᠰᠤ ᠮᠤᠷᠠᠯ ᠤᠨ ᠬᠦᠮᠦᠵᠢᠯ ᠲᠠᠢ ᠶᠤᠮ᠃ ᠡᠶᠢᠮᠦ ᠠᠴᠠ ᠪᠠᠭᠰᠢ ᠪᠣᠯᠤᠭᠰᠠᠳ ᠰᠤᠷᠤᠭᠴᠢᠳ ᠢ ᠢᠳᠡᠪᠬᠢᠳᠡᠢ ᠬᠦᠳᠡᠯᠬᠡᠨ᠂ ᠵᠣᠷᠢᠭᠳᠠᠢ ᠶᠠᠷᠢᠭᠤᠯᠤᠨ᠂ ᠶᠣᠰᠤ ᠤᠴᠢᠷ ᠢ ᠨᠢ ᠰᠡᠩᠬᠡᠷᠡᠬᠦᠯᠦᠨ ᠳᠠᠶᠢᠯᠪᠣᠷᠢᠯᠠᠵᠤ ᠵᠢᠭᠠᠪᠠᠯ ᠰᠠᠶ᠋ᠢ ᠰᠤᠷᠤᠭᠴᠢᠳ ᠡᠬᠡ ᠤᠷᠤᠨ᠂ ᠨᠤᠳᠤᠭ ᠤᠰᠤ ᠪᠠᠨ ᠬᠠᠶᠢᠷᠠᠯᠠᠬᠤ᠂ ᠬᠦᠳᠡᠯᠮᠦᠷᠢ ᠶᠢ ᠬᠠᠶᠢᠷᠠᠯᠠᠬᠤ᠂ ᠬᠦᠮᠦᠨ ᠠᠷᠠᠳ ᠢᠶᠠᠨ ᠬᠠᠶᠢᠷᠠᠯᠠᠬᠤ᠂᠂᠂᠂᠂ ᠵᠡᠷᠬᠡ ᠡᠷᠬᠢᠮ ᠨᠠᠨᠳᠢᠨ ᠬᠦᠮᠦᠵᠢᠯ ᠢ ᠬᠦᠷᠳᠡᠬᠦ ᠶᠤᠮ᠃       ᠳᠠᠪᠤ᠄ ᠶᠤᠰᠤ ᠰᠤᠷᠳᠠᠬᠤᠨ ᠤ ᠬᠦᠮᠦᠵᠢᠯ ᠬᠢᠬᠦ ᠳᠤ ᠠᠷᠭ᠎ᠠ ᠠᠪᠴᠢᠯ ᠢᠶᠠᠨ ᠠᠩᠬᠠᠷᠬᠤ ᠰᠤᠷᠤᠭᠴᠢ ᠶᠢᠨ ᠢᠶᠠᠨ ᠰᠡᠳᠬᠢᠴᠡ ᠶᠢᠨ ᠪᠠᠶᠢᠳᠠᠯ ᠢ ᠠᠩᠬᠠᠷᠴᠤ ᠡᠪᠡᠳᠴᠢᠨ ᠳᠤ ᠨᠢ ᠳᠣᠬᠢᠷᠠᠭᠤᠯᠤᠨ ︽ᠡᠮ︾  ᠢᠶᠠᠨ ᠦᠭᠬᠦ ᠬᠡᠷᠡᠭᠳᠡᠢ᠃ ᠬᠠᠷᠢᠨ ᠬᠡᠵᠢᠶ᠎ᠡ᠂ ᠬᠠᠮᠢᠭ᠎ᠠ ᠳᠠᠭᠠᠷᠠᠪᠠᠯ ᠰᠤᠷᠤᠭᠴᠢ ᠶᠢᠨ ᠡᠮᠵᠢᠭ ᠲᠠᠢ ᠳᠠᠯ᠎ᠠ ᠶᠢ ᠶᠠᠷᠢᠵᠤ ᠰᠢᠬᠦᠮᠵᠢᠯᠡᠵᠤ ᠪᠣᠯᠬᠤ ᠦᠭᠡᠢ᠃ ᠤᠷᠴᠢᠨ ᠳᠤᠭᠤᠷᠢᠨ ᠢ ᠦᠵᠡᠵᠤ ᠳᠡᠳᠡᠨ ᠤ ᠨᠡᠷ᠎ᠡ ᠬᠦᠨᠳᠦ᠂ ᠢᠳᠡᠬᠡᠯ ᠵᠤᠷᠢᠭ ᠢ ᠪᠠᠭᠤᠷᠠᠭᠤᠯᠬᠤ ᠦᠭᠡᠢ ᠪᠠᠶᠢᠬᠤ ᠬᠡᠷᠡᠭᠳᠡᠢ᠃ ᠬᠠᠷᠢᠨ ᠦᠬᠡ ᠪᠠᠷ ᠳᠠᠷᠤᠵᠤ᠂ ᠰᠦᠷ ᠢᠶᠠᠷ ᠪᠢᠰᠢᠷᠡᠬᠦᠯᠵᠤ ᠪᠣᠯᠬᠤ ᠦᠭᠡᠢ᠃ ᠵᠠᠪᠠᠯ ᠶᠣᠰᠤ ᠪᠠᠷ ᠬᠦᠮᠦᠵᠢᠬᠦᠯᠵᠤ᠂ ᠮᠡᠳᠡᠯᠬᠡ ᠪᠠᠷ ᠪᠢᠰᠢᠷᠡᠬᠦᠯᠪᠡᠯ ᠰᠠᠶ᠋ᠢ ᠤᠳᠤ ᠦᠶ᠎ᠡ ᠶᠢᠨ ᠰᠤᠷᠤᠭᠴᠢᠳ ᠲᠤ ᠦᠨᠡᠨᠬᠦ ᠵᠦᠪ ᠳᠠᠯ᠎ᠠ ᠶᠢᠨ ᠬᠦᠮᠦᠵᠢᠯ ᠬᠢᠵᠦ ᠳᠡᠶᠢᠯᠬᠦ ᠮᠦᠷᠳᠡᠬᠡᠨ ᠢᠳᠡᠬᠡᠯ ᠵᠤᠷᠢᠭ ᠢ ᠨᠢ ᠬᠦᠪᠴᠢᠯᠡᠨ᠂ ᠪᠦᠯᠬᠦᠮᠳᠡᠨ ᠬᠠᠪᠰᠤᠷᠤᠯᠴᠠᠬᠤ ᠤᠬᠠᠮᠰᠠᠷ ᠢ ᠨᠢ ᠳᠡᠬᠡᠭᠰᠢᠯᠡᠬᠦᠯᠵᠤ᠂ ᠠᠮᠢᠳᠤᠷᠠᠯ ᠰᠤᠷᠤᠯᠭ᠎ᠠ ᠶᠢᠨ ᠪᠠᠶᠠᠷ ᠪᠠᠭ᠋ᠠᠳᠤᠯ ᠢ ᠤᠯᠭᠤᠵᠤ ᠴᠢᠳᠠᠬᠤ ᠶᠤᠮ᠃ 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ