ᠰᠤᠩᠷᠤᠢ
ᠨᠡᠶᠢᠲᠡᠯᠡᠭᠰᠡᠨ ᠴᠠᠭ᠄
2024/1/25
      ᠰᠤᠩᠷᠤᠢ᠄ ᠮᠣᠩᠭᠤᠯ ᠦᠨᠳᠦᠰᠦᠲᠡᠨ᠂ ᠡᠷᠡᠭᠲᠡᠢ᠂ 1894 ᠣᠨ ᠳᠤ ᠣᠲᠤᠭ ᠬᠤᠰᠢᠭᠤᠨ ᠤ ᠤᠯᠠᠭᠠᠨᠵᠢᠷᠢᠮ ᠳᠤ ᠲᠥᠷᠥᠵᠡᠢ᠃ ᠬᠤᠴᠢ ᠨᠡᠷ᠎ᠡ ᠨᠢ ᠮᠡᠷᠭᠡᠨ ᠰᠣᠩᠷᠤᠢ ᠭᠡᠳᠡᠭ᠃ 1900 ᠣᠨ ᠳᠤ ᠤᠯᠠᠭᠠᠨᠵᠢᠷᠢᠮ ᠤᠨ ᠰᠦᠮ᠎ᠡ ᠳᠡᠭᠡᠷ᠎ᠡ ᠯᠠᠮᠠ ᠪᠣᠯᠪᠠ᠃ 1926 ᠣᠨ ᠤ 8 ᠳ᠋ᠤᠭᠠᠷ ᠰᠠᠷ᠎ᠠ ᠳᠤ᠂ ᠥᠪᠥᠷ ᠮᠣᠩᠭᠤᠯ ᠤᠨ ᠠᠷᠠᠳ ᠤᠨ ᠬᠤᠪᠢᠰᠬᠠᠯᠲᠤ ᠨᠠᠮ ᠤᠨ ᠲᠥᠪ ᠬᠤᠷᠢᠶ᠎ᠠ ᠴᠢᠭᠤᠯᠤᠯᠲᠦ ᠬᠠᠭᠠᠯᠭ᠎ᠠ ᠠᠴᠠ ᠤᠬᠤᠷᠢᠨ ᠪᠣᠭᠤᠲᠤ ᠳᠤ ᠢᠷᠡᠭᠰᠡᠨ ᠤ ᠳᠠᠷᠠᠭ᠎ᠠ᠂ ᠰᠡᠷᠡᠩᠳᠤᠩᠷᠤᠪ᠂ ᠮᠠᠷᠰᠧ᠂ ᠪᠤᠶᠠᠨᠳᠠᠯᠠᠢ᠂ ᠢᠳᠰᠢᠨ ᠵᠡᠷᠭᠡ ᠥᠪᠥᠷ ᠮᠣᠩᠭᠤᠯ ᠤᠨ ᠠᠷᠠᠳ ᠤᠨ ᠬᠤᠪᠢᠰᠬᠠᠯᠲᠤ ᠨᠠᠮ ᠤᠨ ᠲᠥᠪ ᠬᠤᠷᠢᠶᠠᠨ ᠤ ᠤᠳᠤᠷᠢᠳᠤᠯᠭ᠎ᠠ ᠨᠠᠷ ᠦᠦᠰᠢᠨ᠂ ᠣᠲᠤᠭ ᠢᠶᠠᠷ ᠢᠷᠠᠵᠤ ᠵᠣᠬᠢᠶᠠᠨ ᠪᠠᠶᠢᠭᠤᠯᠤᠯᠲᠠ ᠪᠠᠨ ᠥᠷᠭᠡᠳᠬᠡᠵᠦ ᠪᠠᠶᠢᠬᠤ ᠦᠶ᠎ᠡ ᠳᠤ ᠰᠤᠩᠷᠤᠢ ᠥᠪᠥᠷ ᠮᠣᠩᠭᠤᠯ ᠤᠨ ᠠᠷᠠᠳ ᠤᠨ ᠬᠤᠪᠢᠰᠬᠠᠯᠲᠤ ᠨᠠᠮ ᠳᠤ ᠣᠷᠣᠵᠠᠢ᠃ ᠲᠤᠰ ᠵᠢᠯ ᠤᠨ 10 ᠳ᠋ᠤᠭᠠᠷ ᠰᠠᠷ᠎ᠠ ᠳᠤ ᠰᠤᠩᠷᠤᠢ ᠣᠲᠤᠭ ᠬᠤᠰᠢᠭᠤᠨ ᠤ ᠲᠥᠯᠥᠭᠡᠯᠡᠭᠴᠢ ᠶᠢᠨ ᠬᠤᠪᠢ ᠪᠠᠷ ᠪᠣᠭᠤᠲᠤ ᠳᠤ ᠬᠤᠷᠠᠯᠳᠤᠭᠤᠯᠤᠭᠰᠠᠨ ᠥᠪᠥᠷ ᠮᠣᠩᠭᠤᠯ ᠤᠨ ᠠᠷᠠᠳ ᠤᠨ ᠬᠤᠪᠢᠰᠬᠠᠯᠲᠤ ᠨᠠᠮ ᠤᠨ ᠤᠯᠠᠭᠠᠨᠴᠠᠪ᠂ ᠶᠡᠭᠡ ᠵᠣᠣ ᠴᠢᠭᠤᠯᠭᠠᠨ ᠤ ᠬᠠᠮᠲᠤᠷᠠᠭᠰᠠᠨ ᠬᠤᠷᠠᠯᠳᠤᠭᠠᠨ ᠳᠤ ᠣᠷᠣᠯᠴᠠᠵᠠᠢ᠃ ᠬᠤᠷᠠᠯ ᠤᠨ ᠳᠠᠷᠠᠭ᠎ᠠ ᠲᠡᠷᠡ ᠥᠪᠥᠷ ᠮᠣᠩᠭᠤᠯ ᠤᠨ ᠠᠷᠠᠳ ᠤᠨ ᠬᠤᠪᠢᠰᠬᠠᠯᠲᠤ ᠨᠠᠮ ᠤᠨ ᠬᠠᠷᠢᠭᠤᠴᠠᠯᠭᠠᠲᠠᠨ ᠰᠠᠶᠢᠨᠪᠠᠶᠠᠷ ︵ᠪᠣᠤ ᠶᠤᠸᠠᠢ ᠴᠢᠩ︶᠂ ᠸᠴᠢᠷᠤᠸ᠋ ᠨᠠᠷ ᠢ ᠳᠠᠭᠠᠵᠤ ᠪᠸᠢᠫᠢᠡᠭ ᠲᠤ ᠬᠦᠷᠴᠦ ᠠᠵᠢᠯᠯᠠᠭ᠎ᠠ ᠬᠢᠵᠡᠢ᠃ 1928 ᠣᠨ ᠳᠤ ᠰᠡᠷᠡᠩᠳᠣᠩᠷᠣᠪ ᠨᠠᠮ ᠠᠴᠠ ᠤᠷᠪᠠᠨ ᠭᠤᠮᠢᠨᠳᠠᠩ ᠢ ᠲᠦᠰᠢᠵᠦ᠂ ᠢᠷᠭᠠᠢ ᠳᠠᠬᠢ ᠥᠪᠥᠷ ᠮᠣᠩᠭᠤᠯ ᠤᠨ ᠠᠷᠠᠳ ᠤᠨ ᠬᠤᠪᠢᠰᠬᠠᠯᠲᠤ ᠨᠠᠮ ᠤᠨ ᠵᠣᠬᠢᠶᠠᠨ ᠪᠠᠶᠢᠭᠤᠯᠤᠯᠲᠠ ᠶᠢ ᠲᠠᠷᠬᠠᠭᠠᠪᠠ᠃ ᠰᠤᠩᠷᠤᠢ ᠥᠪᠥᠷ ᠮᠣᠩᠭᠤᠯ ᠤᠨ ᠠᠷᠠᠳ ᠤᠨ ᠬᠤᠪᠢᠰᠬᠠᠯᠲᠤ ᠨᠠᠮ ᠤᠨ ᠠᠵᠢᠯᠯᠠᠭ᠎ᠠ ᠢᠩᠭᠢᠵᠦ ᠳᠠᠭᠤᠰᠬᠤ ᠳᠤ ᠲᠥᠪᠳᠡᠬᠦ ᠦᠭᠡᠢ ᠲᠤᠯᠠ ᠥᠪᠥᠷ ᠮᠣᠩᠭᠤᠯ ᠤᠨ ᠠᠷᠠᠳ ᠤᠨ ᠬᠤᠪᠢᠰᠬᠠᠯᠲᠤ ᠨᠠᠮ ᠤᠨ ᠳᠣᠲᠣᠷᠠᠬᠢ ᠵᠥᠪᠯᠡᠯᠲᠦ ᠶᠢ ᠳᠣᠲᠤᠨᠤᠴᠢᠯᠠᠳᠠᠭ ᠮᠠᠷᠰᠧ ᠵᠡᠷᠭᠡ ᠬᠠᠷᠢᠭᠤᠴᠠᠯᠭᠠᠲᠠᠨ ᠢ ᠡᠷᠢᠵᠦ᠂ ᠦᠷᠭᠦᠯᠵᠢᠯᠡᠨ ᠠᠵᠢᠯᠯᠠᠭ᠎ᠠ ᠬᠢᠬᠦ ᠪᠠᠷ ᠪᠣᠳᠣᠵᠤ ᠪᠠᠶᠢᠪᠠ᠃ ᠲᠡᠷᠡ ᠥᠪᠥᠷ ᠮᠣᠩᠭᠤᠯ ᠤᠨ ᠵᠡᠭᠦᠨ ᠬᠡᠰᠡᠭ ᠤᠨ ᠬᠡᠳᠦᠨ ᠴᠢᠭᠤᠯᠭᠠᠨ ᠢᠶᠠᠷ ᠶᠠᠪᠠᠭᠠᠨ ᠠᠶᠠᠯᠠᠵᠤ ᠮᠠᠷᠰᠧ ᠢ ᠡᠷᠢᠵᠡᠢ᠃ ᠭᠡᠲᠡᠯ᠎ᠡ ᠮᠠᠷᠰᠧ ᠨᠢᠭᠡᠨᠲᠡ ᠶᠠᠫᠤᠨᠴᠤᠳ ᠲᠤ ᠬᠢᠵᠠᠭᠠᠷᠯᠠᠭᠳᠠᠭᠰᠠᠨ ᠲᠤᠯᠠ ᠤᠴᠠᠷᠠᠵᠤ ᠴᠢᠳᠠᠭᠰᠠᠨ ᠦᠭᠡᠢ ᠪᠠᠷ ᠬᠤᠰᠢᠭᠤᠨ ᠳᠠᠭᠠᠨ ᠪᠤᠴᠠᠵᠤ ᠢᠷᠡᠪᠡ᠃ ᠡᠭᠦᠨ ᠤ ᠳᠠᠷᠠᠭ᠎ᠠ ᠲᠡᠷᠡ ᠤᠯᠠᠭᠠᠨᠵᠢᠷᠢᠮ ᠤᠨ ᠰᠦᠮ᠎ᠡ ᠶᠢᠨ ᠤᠮᠵᠠᠳ ᠪᠣᠯᠵᠦ᠂ 1939 — 1943 ᠣᠨ ᠪᠣᠯᠲᠠᠯ᠎ᠠ ᠲᠤᠰ ᠰᠥᠮ᠎ᠡ ᠶᠢᠨ ᠭᠡᠰᠬᠦᠢ ᠪᠣᠯᠵᠠᠢ᠃      1943 ᠣᠨ ᠳᠤ ᠬᠤᠰᠢᠭᠤ ᠨᠣᠶᠠᠨ ᠸᠠᠩᠴᠢᠨᠵᠠᠪ ᠲᠡᠭᠦᠨ ᠢ ᠬᠠᠮᠠᠷᠠᠭᠲᠠᠢ ᠨᠠᠭᠤᠷ ᠤᠨ ᠳᠠᠭᠠᠭᠠᠮᠠᠯ ᠢᠶᠠᠷ ᠲᠣᠮᠢᠯᠠᠵᠠᠢ᠃ 1946 ᠣᠨ ᠳᠤ ᠬᠥᠬᠡᠪᠦᠷ ᠪᠤᠦ ᠶᠢᠨ ᠪᠤᠤᠵᠠᠩ ᠪᠣᠯᠵᠦ᠂ 1947 ᠣᠨ ᠳᠤ ᠴᠠᠭᠠᠨᠨᠠᠭᠤᠷ ᠤᠨ ᠬᠤᠵᠢᠷ ᠢ ᠬᠠᠮᠢᠶᠠᠷᠪᠠ᠃ 1948 ᠣᠨ ᠳᠤ ᠬᠤᠰᠢᠭᠤ ᠲᠤᠰᠠᠯᠠᠭᠴᠢ᠂ ᠠᠮᠤᠷ ᠢ ᠬᠠᠮᠠᠭᠠᠯᠠᠬᠤ ᠴᠡᠷᠢᠭ ᠤᠨ ᠰᠧᠯᠢᠩ ᠴᠢ᠊ · ᠮᠥᠩᠬᠡ ᠲᠡᠭᠦᠨ ᠢ ᠠᠮᠤᠷ ᠢ ᠬᠠᠮᠠᠭᠠᠯᠠᠬᠤ ᠰᠧᠯᠢᠩᠪᠦ᠋ ᠶᠢᠨ ᠫᠦᠭᠤᠸᠠᠨ ᠳᠠᠷᠤᠭ᠎ᠠ ᠪᠠᠷ ᠲᠣᠮᠢᠯᠠᠪᠠ᠃ 1949 ᠣᠨ ᠳᠤ ᠣᠲᠤᠭ ᠬᠤᠰᠢᠭᠤ ᠨᠠᠶᠢᠷᠠᠮᠳᠠᠯ ᠢᠶᠠᠷ ᠴᠢᠯᠦᠭᠡᠯᠡᠭᠳᠡᠬᠦ ᠠᠴᠠ ᠡᠮᠦᠨ᠎ᠡ᠂ ᠲᠡᠷᠡ ᠡᠪ ᠬᠠᠮᠲᠤ ᠨᠠᠮ ᠲᠠᠢ ᠢᠳᠡᠪᠬᠢᠲᠡᠢ ᠬᠠᠪᠰᠤᠷᠤᠯᠴᠠᠵᠠᠢ᠃ 8 ᠳ᠋ᠤᠭᠠᠷ ᠰᠠᠷ᠎ᠠ ᠳᠤ ᠠᠮᠤᠷ ᠢ ᠬᠠᠮᠠᠭᠠᠯᠠᠬᠤ ᠰᠧᠯᠢᠩᠪᠦ᠋ ᠶᠢᠨ ᠪᠠᠶᠢᠭ᠎ᠠ ᠭᠠᠵᠠᠷ ᠰᠠᠩᠳᠤᠢ ᠶᠢᠨ ᠰᠦᠮ᠎ᠡ ᠳᠡᠭᠡᠷ᠎ᠡ ᠪᠠᠶᠠᠨᠳᠣᠷᠵᠢ᠂ ᠵᠢᠶ᠋ᠨ ᠸᠧᠨ ᠬᠤᠸ᠋ᠨ ᠵᠡᠷᠭᠡ ᠣᠲᠤᠭ ᠬᠤᠰᠢᠭᠤ ᠶᠢ ᠴᠢᠯᠦᠭᠡᠯᠡᠬᠦ ᠡᠮᠦᠨ᠎ᠡ ᠹᠷᠣᠨᠲ ᠤᠨ ᠵᠢᠯᠣᠭᠤᠳᠬᠤ ᠭᠠᠵᠠᠷ ᠤᠨ ᠤᠳᠤᠷᠢᠳᠤᠯᠭ᠎ᠠ ᠶᠢ ᠪᠡᠶ᠎ᠡ ᠪᠠᠷ ᠢᠶᠠᠨ ᠤᠭᠲᠤᠵᠤ᠂ ᠬᠤᠰᠢᠭᠤ ᠶᠠᠮᠤᠨ ᠳᠡᠭᠡᠷ᠎ᠡ ᠬᠤᠷᠠᠯᠳᠤᠭᠤᠯᠤᠭᠰᠠᠨ ᠨᠠᠶᠢᠷᠠᠮᠳᠠᠯ ᠢᠶᠠᠷ ᠴᠢᠯᠦᠭᠡᠯᠡᠭᠳᠡᠭᠰᠡᠨ ᠢ ᠨᠡᠶᠢᠲᠡᠯᠡᠭᠰᠡᠨ ᠬᠤᠰᠢᠭᠤᠨ ᠤ ᠶᠠᠪᠤᠳᠠᠯ ᠤᠨ ᠶᠡᠭᠡ ᠬᠤᠷᠠᠯ ᠳᠤ ᠣᠷᠣᠯᠴᠠᠵᠠᠢ᠃ 1950 ᠣᠨ ᠤ 2 ᠳ᠋ᠤᠭᠠᠷ ᠰᠠᠷ᠎ᠠ ᠳᠤ ᠣᠲᠤᠭ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠭᠡᠰᠢᠭᠦᠨ ᠢᠶᠠᠷ ᠰᠣᠩᠭᠤᠭᠳᠠᠵᠤ᠂ 1951 ᠣᠨ ᠳᠤ ᠬᠤᠶᠠᠳᠤᠭᠠᠷ ᠨᠤᠲᠤᠭ ᠤᠨ ᠣᠷᠣᠯᠠᠭᠴᠢ ᠳᠠᠷᠤᠭ᠎ᠠ ᠪᠠᠷ ᠲᠣᠮᠢᠯᠠᠭᠳᠠᠭᠰᠠᠨ ᠪᠥᠭᠡᠳ ᠨᠠᠷᠢᠨᠨᠠᠭᠤᠷ ᠤᠨ ᠬᠤᠵᠢᠷ ᠤᠨ ᠲᠠᠯᠠᠪᠠᠢ ᠶᠢᠨ ᠳᠠᠭᠠᠭᠠᠮᠠᠯ ᠢ ᠬᠠᠪᠰᠤᠷᠭᠠᠨ ᠬᠠᠷᠢᠭᠤᠴᠠᠵᠤ᠂ 1952 ᠣᠨ ᠳᠤ ᠣᠲᠤᠭ ᠬᠤᠰᠢᠭᠤᠨ ᠤ ᠴᠠᠭᠠᠨᠨᠠᠭᠤᠷ ᠤᠨ ᠪᠠᠶᠢᠭᠠᠯᠢ ᠶᠢᠨ ᠬᠤᠵᠢᠷ ᠤᠨ ᠦᠢᠯᠡᠳᠪᠦᠷᠢ ᠶᠢᠨ ᠳᠡᠳ᠋ ᠳᠠᠭᠠᠭᠠᠮᠠᠯ ᠤᠨ ᠲᠤᠰᠢᠶᠠᠯ ᠢ ᠬᠠᠷᠢᠭᠤᠴᠠᠪᠠ᠃ 1960 ᠣᠨ ᠳᠤ ᠴᠠᠭᠠᠨᠨᠠᠭᠤᠷ ᠤᠨ ᠬᠤᠵᠢᠷ ᠤᠨ ᠦᠢᠯᠡᠳᠪᠦᠷᠢ ᠳᠤ ᠨᠠᠰᠤ ᠪᠠᠷᠠᠪᠠ᠃            ︽ᠣᠲᠤᠭ ᠬᠤᠰᠢᠭᠤᠨ ᠤ ᠣᠶᠢᠯᠠᠯᠭ᠎ᠠ︾ ︽ᠣᠲᠤᠭ ᠬᠤᠰᠢᠭᠤᠨ ᠤ ᠣᠶᠢᠯᠠᠯᠭ᠎ᠠ︾ ᠨᠠᠶᠢᠷᠠᠭᠤᠯᠬᠤ ᠺᠣᠮᠢᠰ ᠨᠠᠶᠢᠷᠠᠭᠤᠯᠪᠠ 
ᠢᠷᠡᠯᠲᠡ᠄ ᠣᠲᠤᠭ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ