ᠬᠦᠮᠦᠨ ᠪᠠ ᠮᠡᠴᠢᠨ ᠤ ᠲᠠᠷᠢᠬᠢᠨ ᠤ 367 ᠭᠧᠨ ᠨᠢ ᠠᠳᠠᠯᠢᠬᠠᠨ
ᠨᠡᠶᠢᠲᠡᠯᠡᠭᠰᠡᠨ ᠴᠠᠭ᠄
2024/1/3
      ᠤᠭ ᠨᠢ ᠬᠤᠭᠤᠷᠣᠨᠳᠣ ᠪᠠᠨ ᠲᠤᠩ ᠣᠶᠢᠷᠠᠯᠴᠠᠭ᠎ᠠ ᠬᠡᠮᠡᠨ ᠣᠶᠢᠯᠠᠭᠠᠳᠠᠭ ᠪᠠᠶᠢᠭᠰᠠᠨ ᠬᠦᠮᠦᠨ᠂ ᠰᠢᠮᠫᠠᠨᠽᠧ ᠮᠡᠴᠢᠨ ᠤ ᠲᠠᠷᠢᠬᠢᠨ ᠤ ᠭᠠᠳᠠᠷᠭᠤ ᠨᠢ ᠥᠭᠡᠷ᠎ᠡ ᠪᠣᠯᠬᠤ ᠶᠢ ᠬᠢᠲᠠᠳ᠂ ᠣᠷᠣᠰ᠂ ᠭᠧᠷᠮᠠᠨ ᠤ ᠡᠷᠳᠡᠮᠲᠡᠳ ᠪᠠᠶᠢᠴᠠᠭᠠᠨ ᠢᠯᠡᠷᠡᠭᠦᠯᠵᠡᠢ᠃ ᠬᠦᠮᠦᠨ ᠤ ᠲᠠᠷᠢᠬᠢᠨ ᠤ ᠭᠠᠳᠠᠷᠭᠤ ᠶᠢᠨ ᠪᠢᠴᠢᠯ ᠪᠦᠲᠦᠴᠡ ᠨᠢ ᠬᠤᠪᠢᠰᠤᠯ ᠤᠨ ᠶᠠᠪᠤᠴᠠ ᠳᠤ ᠥᠭᠡᠷᠡᠴᠢᠯᠡᠭᠳᠡᠭᠰᠡᠨ ᠢᠶᠠᠷ ᠠᠨᠠᠲ᠋ᠣᠮᠢ ᠶᠢᠨ ᠬᠤᠪᠢ ᠳᠤ ᠮᠡᠴᠢᠨ ᠤ ᠬᠢ ᠠᠴᠠ ᠥᠭᠡᠷ᠎ᠡ ᠪᠣᠯᠤᠭᠰᠠᠨ ᠪᠠᠶᠢᠨ᠎ᠠ᠃ ᠬᠥᠭᠵᠢᠯ ᠤᠨ ᠶᠠᠪᠤᠴᠠ ᠳᠤ ᠲᠠᠷᠢᠬᠢᠨ ᠤ ᠭᠠᠳᠠᠷᠭᠤ ᠬᠠᠮᠤᠭ ᠤᠨ ᠶᠡᠭᠡ ᠥᠭᠡᠷᠡᠴᠢᠯᠡᠭᠳᠡᠭᠰᠡᠨ ᠭᠡᠨ᠎ᠡ᠃ ᠲᠠᠷᠢᠬᠢᠨ ᠤ ᠭᠠᠳᠠᠷᠭᠤ ᠶᠢᠨ ᠵᠢᠷᠭᠤᠭᠠᠨ ᠳᠠᠪᠬᠤᠷᠭ᠎ᠠ ᠲᠤᠰ ᠪᠦᠷᠢ ᠳᠤ ᠪᠠᠨ ᠮᠡᠳᠡᠭᠡᠯᠡᠯ ᠪᠣᠯᠪᠠᠰᠤᠷᠠᠭᠤᠯᠬᠤ ᠳᠤ ᠵᠣᠷᠢᠭᠤᠯᠤᠭᠰᠠᠨ ᠣᠨᠴᠠᠭᠠᠢ ᠡᠭᠦᠷᠭᠡ ᠲᠠᠢ᠃ ᠡᠨᠡᠬᠦ ᠡᠭᠦᠷᠭᠡ ᠪᠠᠨ ᠭᠦᠢᠴᠡᠳᠭᠡᠬᠦ ᠳᠤ ᠲᠠᠷᠢᠬᠢᠨ ᠤ ᠡᠰ ᠪᠦᠷᠢ ᠠᠵᠢᠯᠯᠠᠳᠠᠭ ᠪᠥᠭᠡᠳ 2320 ᠭᠧᠨ ᠨᠢ ᠵᠥᠪᠬᠡᠨ ᠬᠦᠮᠦᠨ ᠤ ᠬᠢᠵᠦ ᠴᠢᠳᠠᠬᠤ ᠦᠢᠯᠡᠳᠦᠯ ᠢ ᠭᠦᠢᠴᠡᠳᠭᠡᠳᠡᠭ ᠠᠵᠠᠢ᠃ ᠬᠠᠷᠢᠨ ᠮᠡᠴᠢᠨ᠂ ᠬᠦᠮᠦᠨ ᠬᠤᠶᠠᠷ ᠤᠨ ᠲᠠᠷᠢᠬᠢᠨ ᠤ ᠭᠠᠳᠠᠷᠭᠤ ᠶᠢᠨ 367 ᠡᠰ ᠯᠠ ᠢᠵᠢᠯ ᠡᠭᠦᠷᠭᠡ ᠭᠦᠢᠴᠡᠳᠭᠡᠳᠡᠭ ᠪᠠᠶᠢᠨ᠎ᠠ᠃ ᠡᠭᠦᠨ ᠠᠴᠠ ᠭᠠᠳᠠᠨ᠎ᠠ ᠮᠡᠴᠢᠨ ᠤ ᠲᠥᠷᠦᠯ ᠤᠳ ᠲᠤ ᠴᠤ ᠬᠤᠭᠤᠷᠣᠨᠳᠣ ᠪᠠᠨ ᠬᠠᠷᠢᠯᠴᠠᠨ ᠠᠳᠠᠯᠢ ᠦᠭᠡᠢ ᠡᠭᠦᠷᠭᠡ ᠭᠦᠢᠴᠡᠳᠭᠡᠳᠡᠭ ᠲᠠᠷᠢᠬᠢᠨ ᠤ ᠭᠠᠳᠠᠷᠭᠤ ᠶᠢᠨ ᠭᠧᠨ ᠪᠤᠢ᠃ ᠲᠤᠬᠠᠶᠢᠯᠠᠪᠠᠯ᠂ ᠰᠢᠩᠫᠠᠨᠽᠧ᠂ ᠨᠣᠬᠠᠢ ᠰᠠᠷᠮᠠᠭᠴᠢᠨ ᠤ ᠲᠠᠷᠢᠬᠢᠨ ᠤ ᠭᠠᠳᠠᠷᠭᠤ ᠶᠢᠨ 133 ᠭᠧᠨ ᠬᠤᠭᠤᠷᠣᠨᠳᠣ ᠪᠠᠨ ᠡᠷᠡᠰ ᠢᠯᠭᠠᠭ᠎ᠠ ᠲᠠᠢ ᠶᠤᠮ᠃   
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ