ᠠᠴᠠ ᠲᠠᠤᠯᠠᠢ ᠶᠢᠨ ᠲᠠᠩᠨᠠᠢ
ᠨᠡᠶᠢᠲᠡᠯᠡᠭᠰᠡᠨ ᠴᠠᠭ᠄
2024/1/30
      ᠴᠠᠩᠬᠤᠢ ᠶᠢᠨ ᠢᠵᠠᠭᠤᠷ᠂ ᠲᠠᠤᠯᠠᠢ ᠶᠢᠨ ᠲᠠᠩᠨᠠᠢ ᠶᠢᠨ ᠲᠥᠷᠥᠯ᠃ ᠣᠯᠠᠨ ᠨᠠᠰᠤᠲᠤ ᠡᠪᠡᠰᠦᠯᠢᠭ ᠤᠷᠭᠤᠮᠠᠯ ᠪᠤᠶᠤ ᠳᠡᠳ᠋ ᠪᠣᠳᠠ ᠮᠣᠳᠣ᠂ 5 — 8 ᠳ᠋ᠤᠭᠠᠷ ᠰᠠᠷ᠎ᠠ ᠳᠤ ᠴᠡᠴᠡᠭᠯᠡᠵᠦ ᠦᠷᠡᠯᠡᠨ᠎ᠡ᠃      ᠥᠷᠭᠡᠨ ᠬᠡᠪᠴᠢᠶᠡᠨ ᠤ ᠭᠠᠨᠭ᠌ ᠳᠤ ᠳᠠᠭᠠᠭᠠᠴᠠᠲᠠᠢ ᠤᠷᠭᠤᠮᠠᠯ ᠪᠣᠯᠣᠨ᠎ᠠ᠃ ᠪᠦᠬᠦ ᠬᠤᠰᠢᠭᠤᠨ ᠤ ᠶᠡᠬᠡᠩᠬᠢ ᠭᠠᠵᠠᠷ ᠣᠷᠣᠨ ᠳᠤ ᠤᠷᠭᠤᠳᠠᠭ᠃      ᠳᠤᠮᠳᠠ ᠵᠡᠷᠭᠡ ᠶᠢᠨ ᠲᠡᠵᠢᠭᠡᠯ ᠤᠷᠭᠤᠮᠠᠯ ᠪᠣᠯᠣᠨ᠎ᠠ᠃ ᠤᠷᠭᠤᠮᠠᠯ ᠤᠨ ᠤᠭ ᠤᠨ ᠬᠡᠰᠡᠭ ᠠᠴᠠ ᠨᠢ ᠵᠠᠷᠢᠮ ᠳᠠᠭᠠᠨ ᠨᠢᠯᠬ᠎ᠠ ᠨᠠᠬᠢᠶ᠎ᠠ ᠢᠭᠴᠤᠷᠠᠨ ᠤᠷᠭᠤᠭᠠᠳ ᠬᠦᠷᠡᠩ ᠤᠯᠠᠭᠠᠨ ᠥᠩᠭᠡᠲᠡᠢ ᠳᠡᠪᠢᠰᠬᠡᠷ ᠬᠡᠯᠪᠡᠷᠢ ᠶᠢᠨ ᠪᠣᠳᠠ ᠪᠣᠯᠳᠠᠭ᠂ ᠲᠡᠭᠦᠨ ᠢ ︽ᠭᠠᠵᠠᠷ ᠤᠨ ᠤᠯᠠᠭᠠᠨ ᠴᠡᠴᠡᠭ︾ ᠭᠡᠳᠡᠭ᠃ ᠬᠥᠬᠡ ᠦᠶ᠎ᠡ ᠳᠤᠨᠢ ᠬᠤᠨᠢ ᠢᠮᠠᠭ᠎ᠠ ᠢᠳᠡᠬᠦ ᠳᠤᠷᠠᠲᠠᠢ᠂ ᠬᠠᠲᠠᠭᠰᠠᠨ ᠤ ᠳᠠᠷᠠᠭ᠎ᠠ ᠲᠡᠮᠡᠭᠡ ᠳᠥᠷᠪᠡᠨ ᠤᠯᠠᠷᠢᠯ ᠳᠤ ᠪᠦᠷ ᠢᠳᠡᠨ᠎ᠡ᠂ ᠦᠬᠡᠷ᠂ ᠠᠳᠤᠭᠤ ᠲᠤᠩ ᠴᠥᠭᠡᠨ ᠢᠳᠡᠳᠡᠭ᠃ ᠡᠮ ᠳᠤ ᠣᠷᠣᠨ᠎ᠠ᠃                                  ︽ᠤᠲᠤᠭ ᠤᠨ ᠠᠮᠢᠳᠤ ᠪᠤᠳᠠᠰ ᠤᠨ ᠡᠬᠢ ᠪᠠᠶᠠᠯᠢᠭ︾  ᠪᠠᠭᠠᠲᠤᠷ ᠨᠠᠶᠢᠷᠠᠭᠤᠯᠤᠨ ᠵᠤᠬᠢᠶᠠᠪᠠ
ᠢᠷᠡᠯᠲᠡ᠄ ᠤᠲᠤᠭ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠭᠡᠷ