ᠠᠳᠢᠰ ᠠᠪᠬᠤ ᠶᠣᠰᠣᠨ
ᠨᠡᠶᠢᠲᠡᠯᠡᠭᠰᠡᠨ ᠴᠠᠭ᠄
2024/1/30
      ᠱᠠᠰᠢᠨ ᠤ ᠨᠣᠮᠯᠠᠯ ᠢᠶᠠᠷ ᠶᠢᠷᠳᠢᠨᠴᠦ ᠶᠢᠨ ᠣᠯᠠᠭᠠᠨ ᠲᠣᠭᠤᠰᠣᠨ ᠳᠤ ᠣᠷᠣᠰᠢᠵᠣ ᠪᠠᠶᠢᠭ᠎ᠠ ᠬᠠᠷ᠎ᠠ ᠲᠡᠷᠢᠭᠦᠳᠦ ᠬᠦᠮᠦᠨ ᠠᠮᠢᠳᠣᠷᠠᠬᠤ ᠶᠢᠨ ᠡᠷᠬᠡ ᠪᠠᠷ ᠪᠡᠶ᠎ᠡ᠂ ᠬᠡᠯᠡ᠂ ᠰᠡᠳᠬᠢᠯ ᠭᠤᠷᠪᠠ ᠪᠠᠷ ᠢᠶᠠᠨ ᠴᠠᠭ ᠢᠮᠠᠭᠳᠠ ᠨᠢᠭᠦᠯ ᠦᠢᠯᠡᠳᠴᠦ ᠪᠠᠶᠢᠳᠠᠭ᠃ ᠡᠨᠡ ᠬᠦ ᠦᠢᠯᠡᠳᠦᠭᠰᠡᠨ ᠨᠢᠭᠦᠯ ᠢᠶᠠᠨ ᠨᠢᠮᠭᠡᠷᠡᠭᠦᠯᠬᠦ ᠶᠢᠨ ᠲᠣᠰᠠᠳᠠ ᠯᠠᠮᠠ ᠭᠤᠷᠪᠠᠨ ᠡᠷᠳᠡᠨᠢ  ᠳᠤ ᠨᠠᠮᠠᠨᠴᠢᠯᠠᠨ ᠰᠦᠰᠦᠭᠯᠡᠵᠦ᠂ ᠣᠯᠠᠨ ᠲᠠᠯ᠎ᠠ ᠪᠠᠷ ᠪᠣᠶᠠᠨ ᠨᠣᠮ ᠦᠢᠯᠡᠳᠬᠦ ᠬᠡᠷᠡᠭᠳᠡᠢ᠃ ᠪᠣᠷᠬᠠᠨ ᠲᠡᠭᠷᠢ ᠶᠢᠨ ᠣᠷᠣᠨ ᠠᠴᠠ ᠡᠬᠡ ᠪᠣᠯᠣᠭᠰᠠᠨ ᠵᠢᠷᠭᠤᠭᠠᠨ ᠵᠦᠢᠯ ᠤᠨ ᠠᠮᠢᠳᠠᠨ ᠢ ᠵᠣᠪᠠᠯᠠᠩ ᠤᠨ ᠳᠠᠯᠠᠢ ᠠᠴᠠ ᠬᠡᠳᠦᠯᠭᠡᠬᠦ ᠶᠢᠨ ᠲᠦᠯᠦᠭᠡ ᠪᠣᠷᠬᠠᠨ ᠪᠣᠳᠢᠰᠠᠳ᠋ᠸ᠎ᠠ ᠨᠠᠷ ᠢ ᠣᠷᠴᠢᠯᠠᠩ ᠲᠡᠯᠡᠬᠡᠢ ᠳᠤ ᠪᠠᠭᠤᠯᠭᠠᠨ ᠲᠦᠷᠦᠭᠦᠯᠵᠦ ᠠᠰᠣᠷᠣ ᠨᠢᠭᠦᠯᠡᠰᠦᠩᠭᠦᠢ ᠶᠢᠨ ᠰᠡᠳᠬᠢᠯ ᠢᠶᠠᠷ ᠣᠯᠠᠨ ᠠᠮᠢᠳᠠᠨ ᠢ ᠠᠪᠣᠷᠠᠵᠣ ᠪᠠᠶᠢᠳᠠᠭ᠃ ᠲᠡᠳᠡ ᠨᠠᠷ ᠲᠤ ᠴᠢᠩ ᠰᠡᠳᠬᠢᠯ ᠢᠶᠠᠷ  ᠢᠶᠠᠨ ᠰᠦᠰᠦᠭᠯᠡᠨ ᠮᠦᠷᠭᠦᠵᠦ ᠠᠳᠢᠰ ᠠᠪᠣᠪᠠᠯ ᠡᠨᠡ ᠲᠦᠷᠦᠯ ᠳᠡᠭᠡᠨ ᠬᠢᠭᠰᠡᠨ ᠨᠢᠭᠦᠯ ᠬᠢᠯᠢᠨᠴᠡ ᠪᠠᠨ ᠨᠢᠮᠭᠡᠷᠡᠭᠦᠯᠬᠦ  ᠠᠴᠠ ᠭᠠᠳᠠᠨ᠎ᠠ᠂ ᠬᠤᠶᠢᠳᠣ ᠲᠦᠷᠦᠯ ᠳᠡᠭᠡᠨ ᠴᠦ ᠪᠣᠷᠬᠠᠨ ᠤ ᠣᠷᠣᠨ ᠳᠤ ᠬᠦᠷᠬᠦ ᠮᠠᠭᠠᠳ ᠭᠡᠳᠡᠭ᠃ ᠡᠶᠢᠮᠦ ᠠᠴᠠ ᠬᠤᠳᠣᠭᠳᠣ ᠬᠤᠪᠢᠯᠭᠠᠳ ᠠᠯᠢ ᠨᠢᠭᠡᠨ ᠰᠦᠮ᠎ᠡ ᠲᠡᠭᠡᠷ᠎ᠡ ᠵᠠᠯᠠᠷᠠᠵᠣ ᠪᠠᠭᠤᠨ᠎ᠠ ᠭᠡᠪᠡᠯ ᠪᠣᠮ ᠲᠦᠮᠡᠨ ᠮᠦᠷᠭᠦᠯᠴᠢᠨ ᠬᠤᠯᠠ ᠶᠢᠨ ᠠᠶᠠᠨ ᠢ ᠬᠦᠭᠡᠭᠡᠵᠦ ᠮᠦᠷᠭᠦᠯ ᠬᠢᠬᠦ ᠪᠠᠷ ᠣᠴᠢᠳᠠᠭ᠃ ᠵᠠᠯᠠᠷᠠᠵᠣ ᠪᠠᠭᠤᠭᠰᠠᠨ ᠬᠤᠳᠣᠭᠳᠣ ᠬᠤᠪᠢᠯᠭᠠᠨ  ᠨᠢ ᠰᠦᠮ᠎ᠡ ᠲᠣᠭᠠᠩ ᠤᠨ ᠭᠤᠣᠯ ᠳᠠᠬᠢ ᠦᠨᠳᠦᠷ ᠶᠡᠭᠡ ᠰᠢᠷᠡᠭᠡᠨ ᠲᠡᠭᠡᠷ᠎ᠡ ᠰᠠᠭᠠᠳᠠᠵᠣ ᠦᠢ ᠣᠯᠠᠨ ᠮᠦᠷᠭᠦᠯᠴᠢᠳ  ᠲᠤ ᠮᠦᠷᠭᠦᠯ ᠲᠠᠯᠪᠢᠳᠠᠭ᠃ ᠦᠭᠯᠢᠭᠡ ᠶᠢᠨ ᠡᠵᠡᠳ ᠣᠷᠲᠣ ᠬᠠᠳᠠᠭ ᠲᠡᠭᠡᠷ᠎ᠡ ᠵᠣᠭᠤᠰ ᠮᠦᠩᠭᠦ ᠲᠠᠯᠪᠢᠵᠣ ᠴᠢᠩ ᠰᠡᠳᠬᠢᠯ ᠠᠴᠠ ᠪᠠᠨ ᠰᠦᠰᠦᠭᠯᠡᠯ ᠢᠶᠠᠨ ᠢᠯᠡᠷᠬᠡᠶᠢᠯᠡᠵᠦ᠂ ᠮᠠᠰᠢ ᠬᠢᠴᠢᠶᠡᠩᠭᠦᠢ ᠪᠠᠷ ᠵᠠᠯᠪᠢᠷᠠᠨ ᠮᠦᠷᠭᠦᠬᠦ ᠳᠤ ᠲᠡᠳᠡ ᠨᠠᠷ ᠰᠣᠳᠣᠷ ᠪᠣᠶᠣ ᠮᠣᠳᠣᠷ ᠢᠶᠠᠨ ᠲᠣᠯᠣᠭᠠᠢ ᠲᠡᠭᠡᠷ᠎ᠡ ᠨᠢ ᠲᠠᠯᠪᠢᠰᠬᠢᠵᠣ ᠠᠪᠣᠨ᠎ᠠ᠃ ᠡᠭᠦᠨ ᠢ ︽ᠠᠳᠢᠰ ᠲᠠᠯᠪᠢᠨ᠎ᠠ︾ ᠭᠡᠳᠡᠭ᠃ ᠰᠣᠳᠣᠷ ᠢᠶᠠᠨ ᠲᠠᠯᠪᠢᠭᠰᠠᠨ ᠪᠣᠯ ︽ᠰᠣᠳᠣᠷ ᠤᠨ ᠠᠳᠢᠰ︾ ᠲᠠᠯᠪᠢᠯ᠎ᠠ ᠭᠡᠵᠣ᠂ ᠭᠠᠷ ᠢᠶᠠᠨ ᠲᠠᠯᠪᠢᠭᠰᠠᠨ ᠪᠣᠯ ︽ᠮᠣᠳᠣᠷ ᠤᠨ ᠠᠳᠢᠰ︾ ᠲᠠᠯᠪᠢᠯ᠎ᠠ ᠭᠡᠳᠡᠭ᠃ ᠵᠠᠷᠢᠮ ᠳᠠᠭᠠᠨ ᠠᠳᠢᠰ ᠲᠠᠯᠪᠢᠭᠴᠢ ᠶᠢᠨ ᠬᠠᠵᠠᠭᠤᠳᠠ ᠨᠢᠭᠡ ᠯᠠᠮᠠ ᠪᠣᠮᠪᠠ ᠪᠠᠷᠢᠵᠣ ᠠᠳᠢᠰ ᠠᠪᠣᠭᠰᠠᠳ ᠲᠤ ᠠᠯᠠᠭᠠᠨ ᠲᠡᠭᠡᠷ᠎ᠡ ᠨᠢ ᠨᠢᠭᠡ ᠲᠣᠰᠣᠯ ᠷᠠᠰᠢᠶᠠᠨ ᠲᠣᠰᠣᠭᠠᠵᠣ ᠦᠭᠳᠡᠭ᠃ ᠮᠦᠷᠭᠦᠯᠴᠢᠳ ᠲᠡᠭᠦᠨ ᠢ ᠲᠣᠯᠢᠶᠠᠭᠠᠳ ᠦᠯᠡᠳᠡᠭᠰᠡᠨ ᠢ ᠨᠢ ᠮᠠᠩᠨᠠᠢ ᠳᠠᠭᠠᠨ ᠲᠦᠷᠬᠢᠳᠡᠭ᠃ ᠡᠭᠦᠨ ᠢ ︽ᠷᠠᠰᠢᠶᠠᠨ ᠠᠳᠢᠰ ᠬᠦᠷᠳᠡᠪᠡ︾ ᠭᠡᠳᠡᠭ᠃ 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ