ᠮᠤᠩᠭᠤᠯᠴᠤᠳ ᠤᠨ ᠮᠤᠷᠢᠨ ᠤ ᠰᠢᠲᠦᠯᠭᠡ
ᠨᠡᠶᠢᠲᠡᠯᠡᠭᠰᠡᠨ ᠴᠠᠭ᠄
2024/1/30
      ᠮᠤᠩᠭᠤᠯᠴᠤᠳ ᠤᠨ ᠠᠲᠤᠭᠤᠨ ᠤ ᠲᠤᠬᠠᠢ ᠤᠶᠤᠨ ᠤ ᠰᠤᠶᠤᠯ ᠨᠢ ᠵᠢᠷᠤᠭ ᠱᠤᠭᠤᠮᠠᠯ᠂ ᠦᠯᠢᠭᠡᠷ ᠲᠤᠤᠯᠢ᠂ ᠲᠠᠭᠤᠤ ᠰᠢᠯᠦᠭ᠂ ᠲᠡᠬᠢᠯ ᠮᠦᠷᠭᠦᠯ᠂ ᠠᠮᠢᠲᠤᠷᠠᠯ ᠬᠡᠷᠡᠭᠰᠡᠯ ᠤᠨ ᠴᠢᠮᠡᠭᠯᠡᠯ ᠭᠡᠬᠦ ᠮᠡᠲᠦ ᠦᠷᠭᠡᠨ ᠬᠡᠪᠴᠢᠶᠡᠨ ᠳᠤ ᠠᠯᠢᠨ ᠳᠤᠨᠢ ᠴᠦ ᠲᠤᠲᠠᠭᠲᠠᠬᠤ ᠦᠭᠡᠢ ᠠᠭᠤᠯᠤᠬᠲᠠᠵᠤ ᠪᠠᠶᠢᠲᠠᠭ ᠪᠢᠯᠡ᠃       1. ᠬᠠᠲᠠᠨ ᠵᠢᠷᠤᠭ ᠲᠤ ᠢᠯᠡᠷᠡᠭᠰᠡᠨ ᠮᠤᠷᠢᠨ ᠤ ᠰᠢᠲᠦᠯᠭᠡ ᠮᠤᠨᠢ ᠠᠭᠤᠯᠠ ᠶᠢᠨ ᠬᠠᠲᠠᠨ ᠵᠢᠷᠤᠭ ᠲᠤ ᠠᠮᠢᠲᠠᠨ ᠤ ᠵᠢᠷᠤᠭ ᠵᠤᠩᠬᠢ ᠲᠤᠭ᠎ᠠ ᠶᠢ ᠡᠵᠡᠯᠡᠲᠡᠭ᠂ ᠲᠡᠭᠦᠨᠴᠢᠯᠡᠨ ᠠᠮᠢᠲᠠᠨ ᠤ ᠲᠤᠲᠤᠷ᠎ᠠ ᠨᠢ ᠡᠯ᠎ᠡ ᠵᠦᠢᠯ ᠤᠨ ᠮᠤᠷᠢ ᠪᠤᠯᠤᠨ ᠮᠤᠷᠢᠲᠠᠨ ᠤ ᠵᠢᠷᠤᠭ ᠨᠡᠯᠢᠶᠡᠳ ᠶᠡᠭᠡ ᠬᠠᠷᠢᠴᠠᠯ ᠢ ᠡᠵᠡᠯᠡᠨ᠎ᠡ᠃ ᠡᠭᠦᠨ ᠠᠴᠠ ᠦᠵᠡᠪᠡᠯ ᠮᠤᠷᠢ ᠨᠢ ᠠᠩ ᠠᠩᠨᠠᠯ᠂ ᠮᠠᠯ ᠮᠠᠯᠯᠠᠭ᠎ᠠ ᠶᠢᠨ ᠴᠢᠬᠤᠯᠠ ᠪᠠᠶᠢᠷᠢ ᠶᠢ ᠡᠵᠡᠯᠡᠵᠤ ᠪᠠᠶᠢᠵᠠᠢ᠃ ᠮᠤᠨᠢ ᠠᠭᠤᠯᠠ ᠶᠢᠨ ᠬᠠᠲᠠᠨ ᠵᠢᠷᠤᠭ ᠤᠨ ᠰᠡᠲᠦᠪᠯᠡᠭᠦᠨ ᠨᠢ ᠵᠠᠷᠢᠮ ᠨᠢ ᠬᠡᠷᠡᠭ ᠤᠴᠢᠷ ᠤᠨ ᠲᠡᠮᠲᠡᠭᠯᠡᠯ ᠮᠥᠨ᠂ ᠭᠡᠪᠡᠴᠦ ᠲᠡᠭᠦᠨ ᠤ ᠲᠤᠲᠤᠷᠠᠬᠢ ᠴᠦᠭᠡᠨ ᠪᠤᠰᠤ ᠨᠢ ᠪᠠᠯᠠᠷᠯᠢᠭ ᠱᠠᠰᠢᠨ ᠲᠠᠢ ᠬᠤᠯᠪᠤᠭ᠎ᠠ ᠲᠠᠢ᠃ ᠲᠤᠭ᠎ᠠ ᠪᠠᠷ ᠬᠠᠮᠤᠭ ᠤᠨ ᠠᠷᠪᠢᠨ ᠠᠮᠢᠲᠠᠨ ᠤ ᠵᠢᠷᠤᠭ ᠢᠶᠠᠷ ᠠᠪᠴᠦ ᠦᠵᠡᠬᠦ ᠳᠤ ᠨᠡᠭᠦᠲᠡᠯ ᠮᠠᠯᠵᠢᠯ ᠤᠨ ᠶᠢᠷᠲᠢᠨᠴᠦ ᠶᠢᠨ ᠪᠤᠲᠠᠲᠤ ᠠᠮᠢᠲᠤᠷᠠᠯ ᠤᠨ ᠲᠤᠰᠬᠠᠯ ᠭᠡᠵᠦ ᠬᠡᠯᠡᠬᠦ ᠶᠢᠨ ᠤᠷᠤᠨ ᠳᠤ ᠲᠡᠯᠡᠬᠡᠢ ᠲᠡᠭᠡᠷ᠎ᠡ ᠨᠡᠶᠢᠲᠡᠮ ᠤᠷᠤᠰᠢᠵᠤ ᠪᠠᠶᠢᠬᠰᠠᠨ ᠠᠮᠢᠲᠠᠨ ᠤ ᠰᠢᠲᠦᠯᠭᠡ ᠶᠢᠨ ᠤᠷᠠᠯᠢᠭ ᠲᠤᠰᠬᠠᠯ ᠭᠡᠵᠦ ᠦᠵᠡᠬᠦ ᠨᠢ ᠢᠲᠡᠭᠡᠮᠵᠲᠡᠢ᠃ ᠮᠤᠨᠢ ᠠᠭᠤᠯᠠ ᠨᠢᠷᠤᠭᠤ᠂ ᠠᠯᠲᠠᠢ ᠠᠭᠤᠯᠠ ᠨᠢᠷᠤᠭᠤ ᠮᠡᠲᠦ ᠶᠢᠨ ᠮᠤᠩᠭᠤᠯ ᠤᠨ ᠦᠨᠲᠦᠷᠯᠢᠭ ᠤᠨ ᠬᠠᠲᠠᠨ ᠵᠢᠷᠤᠭ ᠲᠠᠬᠢ ᠮᠤᠷᠢ ᠪᠣᠯ ᠮᠤᠩᠭᠤᠯ ᠤᠨ ᠦᠨᠲᠦᠷᠯᠢᠭ ᠤᠨ ᠪᠠᠯᠠᠷ ᠡᠷᠲᠡᠨ ᠤ ᠤᠵᠤᠭᠤᠷ ᠢᠷᠭᠡᠳ ᠤᠨ ᠮᠤᠷᠢᠨ ᠤ ᠰᠢᠲᠦᠯᠭᠡ ᠶᠢᠨ ᠲᠤᠰᠬᠠᠯ ᠮᠥᠨ᠃ ᠮᠤᠨᠢ ᠠᠭᠤᠯᠠ ᠶᠢᠨ ᠬᠠᠲᠠᠨ ᠵᠢᠷᠤᠭ ᠲᠤ ᠴᠡᠭᠡᠵᠢᠨ ᠤ ᠡᠮᠤᠨ᠎ᠡ ᠬᠤᠶᠠᠷ ᠭᠠᠷ ᠢᠶᠠᠨ ᠬᠠᠪᠰᠤᠷᠤᠨ ᠮᠤᠷᠢᠨ ᠳᠤ ᠵᠠᠯᠪᠠᠷᠢᠵᠤ ᠪᠠᠶᠢᠭ᠎ᠠ ᠪᠤᠶᠤ ᠬᠦᠮᠦᠨ ᠤ ᠵᠢᠷᠤᠭ ᠬᠢᠭᠡᠳ ᠵᠡᠷᠯᠢᠭ ᠠᠲᠤᠭᠤᠨ ᠰᠦᠷᠦᠭ ᠤᠨ ᠬᠠᠵᠠᠭᠤᠲᠠ ᠪᠦᠵᠢᠭᠯᠡᠵᠤ ᠪᠠᠶᠢᠭ᠎ᠠ ᠵᠢᠷᠤᠭ ᠪᠠᠷ ᠴᠦᠮ ᠰᠢᠲᠦᠭᠡᠨ ᠮᠤᠷᠢᠨ ᠳᠠᠭᠠᠨ ᠮᠦᠷᠭᠦᠵᠦ ᠪᠠᠶᠢᠭ᠎ᠠ ᠪᠤᠶᠤ ᠰᠢᠲᠦᠭᠡᠨ ᠮᠤᠷᠢᠨ  ᠳᠠᠭᠠᠨ ᠪᠦᠵᠢᠭ ᠡᠷᠭᠦᠨ ᠪᠠᠶᠠᠰᠬᠠᠵᠤ ᠪᠠᠶᠢᠭ᠎ᠠ ᠰᠠᠨᠠᠭ᠎ᠠ ᠶᠢ ᠭᠠᠷᠭᠠᠬᠰᠠᠨ ᠵᠢᠷᠤᠭ ᠮᠥᠨ᠃ ᠡᠭᠦᠨ ᠢ ᠡᠵᠡᠳ ᠰᠠᠬᠢᠭᠤᠰᠤ ᠪᠠᠨ ᠪᠠᠶᠠᠰᠬᠠᠬᠤ ᠶᠢᠨ ᠵᠤᠷᠢᠯᠭ᠎ᠠ ᠪᠠᠷ ᠲᠠᠬᠢᠯ ᠮᠦᠷᠭᠦᠯ ᠬᠢᠭᠰᠡᠨ ᠤ ᠲᠠᠷᠠᠭ᠎ᠠ ᠲᠠᠭᠤᠯᠠᠨ ᠪᠦᠵᠢᠭᠯᠡᠵᠦ ᠨᠠᠶᠢᠷᠯᠠᠬᠤ ᠪᠠ ᠡᠷ᠎ᠡ ᠶᠢᠨ ᠭᠤᠷᠪᠠᠨ ᠨᠠᠭᠠᠲᠤᠮ ᠤᠨ ᠮᠦᠷᠦ᠋ᠢᠴᠡᠭᠡᠨ ᠪᠤᠯᠲᠠᠭ ᠨᠢ ᠪᠦᠷ ᠰᠢᠲᠦᠭᠡᠨ ᠮᠤᠷᠢᠨ ᠳᠠᠭᠠᠨ ᠪᠦᠵᠢᠭ ᠡᠷᠭᠦᠭᠦ ᠰᠢᠲᠦᠯᠭᠡ ᠶᠢᠨ ᠠᠲᠠᠯᠢ ᠪᠤᠰᠤ ᠶᠢᠨ ᠲᠡᠥᠬᠡ ᠶᠢᠨ ᠱᠠᠲᠦ ᠳᠠᠬᠢ ᠬᠦᠭᠵᠢᠯ ᠤᠨ ᠬᠡᠯᠪᠡᠷᠢ ᠪᠤᠯᠤᠨ᠎ᠠ᠃ ᠮᠤᠩᠭᠤᠯ ᠤᠨ ᠦᠨᠲᠦᠷᠯᠢᠭ ᠤᠨ ᠤᠵᠤᠭᠤᠷ ᠢᠷᠭᠡᠳ ᠤᠨ ᠤᠶᠤᠨ ᠰᠡᠷᠡᠯ ᠳᠠᠬᠢ ᠮᠤᠷᠢᠨ ᠤ ᠰᠢᠲᠦᠯᠭᠡ ᠨᠢ ᠲᠠᠪᠬᠤᠷᠲᠠᠮᠠᠯ ᠰᠤᠶᠤᠯ ᠤᠨ ᠠᠭᠤᠯᠭ᠎ᠠ ᠪᠠᠶᠢᠬᠤ ᠠᠴᠠ ᠠᠯᠢ ᠴᠦ ᠠᠮᠢᠲᠠᠨ ᠤ ᠰᠢᠲᠦᠯᠭᠡ ᠠᠴᠠ ᠤᠷᠦ᠋ᠢᠯᠠᠵᠤ ᠪᠠᠶᠢᠵᠠᠢ ᠃       2. ᠬᠦᠷᠡᠯ ᠤᠨ ᠰᠤᠶᠤᠯ ᠤᠨ ᠦᠶ᠎ᠡ ᠶᠢᠨ ᠤᠩᠭᠤ ᠰᠢᠲᠦᠭᠡᠨ ᠤ ᠬᠦᠯᠦᠭ ᠵᠡᠷᠯᠢᠭ ᠠᠲᠤᠭᠤ ᠶᠢ ᠭᠡᠷᠰᠢᠭᠦᠯᠦᠭᠰᠡᠨ ᠨᠢ ᠠᠲᠤᠭᠤᠨ ᠤ ᠲᠤᠬᠠᠢ ᠪᠠᠯᠠᠷ ᠡᠷᠲᠡᠨ ᠤ ᠬᠦᠮᠦᠰ ᠤᠨ ᠦᠵᠡᠯ ᠤᠬᠠᠮᠰᠠᠷ ᠲᠤ ᠶᠡᠬᠡᠬᠡᠨ ᠬᠤᠪᠢᠷᠠᠯᠲᠠ ᠭᠠᠷᠭᠠᠵᠠᠢ᠃ ᠰᠢᠲᠦᠯᠭᠡ ᠶᠢᠨ ᠬᠤᠪᠢ ᠳᠤ ᠠᠲᠤᠭᠤ ᠨᠢ ᠤᠩᠭᠤᠨ ᠰᠢᠲᠦᠭᠡᠨ  ᠤ ᠪᠠᠶᠢᠷᠢ ᠪᠠᠨ ᠬᠠᠲᠠᠭᠠᠯᠠᠬᠰᠠᠭᠠᠷ ᠪᠤᠯᠪᠠᠴᠦ ᠭᠡᠷ ᠤᠨ ᠮᠠᠯ ᠪᠤᠯᠵᠤ ᠬᠦᠮᠦᠨ ᠳᠤ ᠡᠵᠡᠮᠲᠡᠭᠲᠡᠭᠰᠡᠨ ᠨᠦᠯᠦᠭᠡ ᠪᠠᠷ ᠪᠡᠶ᠎ᠡ ᠪᠠᠨ ᠲᠠᠭᠠᠭᠠᠭᠰᠠᠨ ᠤᠩᠭᠤ ᠰᠢᠲᠦᠭᠡᠨ ᠤ ᠪᠠᠶᠢᠷᠢ ᠠᠴᠠ ᠪᠠᠨ ᠬᠦᠮᠦᠨ ᠲᠦᠷᠢ ᠲᠠᠢ ᠤᠩᠭᠤ ᠰᠢᠲᠦᠭᠡᠨ ᠤ ᠬᠦᠯᠦᠭ ᠤᠨᠤᠭ᠎ᠠ ᠶᠢᠨ ᠬᠤᠪᠢ ᠪᠠᠷ ᠤᠯᠠᠨ ᠢᠯᠡᠷᠡᠬᠦ ᠪᠤᠯᠵᠠᠢ᠃ ᠡᠭᠦᠨ ᠠᠴᠠ ᠪᠡᠶ᠎ᠡ ᠪᠠᠨ ᠲᠠᠭᠠᠭᠠᠬᠰᠠᠨ ᠤᠩᠭᠤ ᠰᠢᠲᠦᠭᠡᠨ ᠤ ᠪᠠᠶᠢᠷᠢ ᠠᠴᠠ ᠲᠡᠳ᠋ ᠪᠠᠶᠢᠷᠢ ᠳᠤ ᠰᠢᠯᠵᠢᠵᠤ ᠪᠠᠶᠢᠬᠤ ᠶᠢᠨ ᠢᠯᠡᠷᠡᠯ ᠢ ᠤᠯᠵᠤ ᠬᠠᠷᠠᠨ᠎ᠠ᠃ ᠪᠠᠯᠠᠷ ᠡᠷᠲᠡᠨ ᠤ ᠬᠦᠮᠦᠨ ᠲᠦᠷᠦᠯᠬᠢᠲᠡᠨ ᠮᠤᠷᠢ ᠶᠢ ᠠᠩ ᠭᠦᠷᠦᠭᠡ ᠬᠢᠬᠦ ᠶᠢᠨ ᠢᠶᠠᠨ ᠬᠠᠪᠰᠤᠷᠭ᠎ᠠ ᠪᠤᠯᠭᠠᠬᠤ ᠭᠡᠰᠡᠨ ᠬᠡᠴᠢᠨᠡᠨ ᠮᠢᠩᠭᠠᠨ ᠵᠢᠯ ᠤᠨ ᠬᠦᠰᠡᠯ ᠨᠢ ᠪᠠᠶᠠᠯᠠᠩᠲᠡᠭᠰᠡᠨ ᠠᠴᠠ ᠰᠢᠲᠦᠭᠡᠨ ᠠᠴᠠ ᠨᠢ ᠬᠠᠨᠢ ᠨᠠᠶᠢᠵᠠ ᠶᠢᠨ ᠠᠭᠤᠯᠭ᠎ᠠ ᠭᠠᠷᠴᠦ ᠢᠷᠡᠭᠰᠡᠨ ᠪᠠᠶᠢᠨ᠎ᠠ᠃ ᠡᠨᠡ ᠨᠢ ᠠᠲᠤᠭᠤᠨ ᠤ ᠰᠤᠶᠤᠯ ᠤᠨ ᠭᠤᠷᠪᠠᠲᠠᠬᠴᠢ ᠲᠠᠪᠬᠤᠷᠭ᠎ᠠ ᠠᠭᠤᠯᠭ᠎ᠠ ᠪᠤᠯᠤᠨ᠎ᠠ᠃ ᠰᠢᠨ᠎ᠡ ᠴᠢᠯᠠᠭᠤᠨ ᠵᠠᠪᠰᠡᠭ ᠤᠨ ᠰᠢᠪᠲᠤᠷᠠᠭ᠎ᠠ ᠪᠠ ᠬᠦᠷᠡᠯ ᠤᠨ ᠰᠤᠶᠤᠯ ᠤᠨ ᠡᠬᠢᠨ ᠤ ᠦᠶ᠎ᠡ  ᠪᠠᠷ ᠪᠠᠯᠠᠷ ᠡᠷᠲᠡᠨ ᠤ ᠤᠵᠤᠭᠤᠷ ᠢᠷᠭᠡᠳ ᠤᠨ ᠰᠢᠲᠦᠯᠭᠡ ᠨᠢ ᠪᠠᠶᠢᠭᠠᠯᠢ ᠶᠢᠨ ᠤᠷᠭᠤᠮᠠᠯ ᠠᠮᠢᠲᠠᠨ ᠪᠢᠰᠢ ᠪᠤᠯᠵᠤ ᠬᠦᠮᠦᠨ ᠤ ᠲᠦᠷᠢ ᠲᠠᠢ ᠰᠢᠲᠦᠭᠡᠨ ᠪᠤᠯᠤᠬᠰᠠᠨ ᠪᠠᠶᠢᠨ᠎ᠠ᠃ ᠪᠦᠭᠡ ᠮᠦᠷᠭᠦᠯ ᠤᠨ ᠱᠠᠰᠢᠨ ᠤ ᠬᠠᠮᠤᠭ ᠲᠡᠭᠡᠲᠦ ᠰᠢᠲᠦᠭᠡᠨ ᠪᠣᠯ ᠬᠦᠬᠡ ᠮᠦᠩᠭᠡ ᠲᠡᠭᠷᠢ ᠂ ᠬᠦᠷᠦᠰᠦᠲᠦ ᠡᠲᠦᠭᠡᠨ ᠲᠡᠯᠡᠬᠡᠢ ᠪᠤᠯᠤᠨ᠎ᠠ᠃ ᠡᠲᠡᠭᠡᠷ ᠰᠢᠲᠦᠭᠡᠨ ᠪᠤᠯᠤᠨ ᠬᠦᠮᠦᠨ ᠤ ᠬᠤᠭᠤᠷᠤᠨᠲᠤᠬᠢ ᠵᠠᠭᠤᠴᠢ ᠪᠣᠯ ᠢᠲᠤᠭᠠᠨ ᠪᠦᠭᠡ ᠨᠠᠷ ᠪᠤᠯᠤᠨ᠎ᠠ᠃ ᠪᠦᠭᠡ ᠢᠲᠤᠭᠠᠨ ᠨᠠᠷ ᠪᠣᠯ ᠡᠲᠡᠭᠡᠷ ᠰᠠᠬᠢᠭᠤᠯᠰᠤᠨ ᠳᠤ ᠬᠦᠮᠦᠰ ᠤᠨ ᠬᠦᠰᠡᠯ ᠨᠠᠶᠢᠲᠠᠯᠭ᠎ᠠ  ᠶᠢ ᠲᠠᠮᠵᠢᠭᠤᠯᠵᠤ᠂ ᠡᠵᠡᠳ ᠰᠠᠬᠢᠭᠤᠰᠤ ᠶᠢᠨ ᠰᠠᠨᠠᠭ᠎ᠠ ᠵᠤᠷᠢᠭ᠂ ᠠᠪᠤᠷᠠᠯ ᠰᠤᠨᠲᠠᠭ ᠢ ᠬᠦᠮᠦᠨ ᠲᠦᠷᠦᠯᠬᠢᠲᠡᠨ ᠳᠤ ᠮᠡᠲᠡᠭᠦᠯᠬᠦ ᠪᠠ ᠪᠦᠭᠡᠯᠡᠬᠦ ᠮᠡᠲᠦ ᠶᠢᠨ ᠤᠶᠢᠯᠡ ᠶᠢ ᠬᠦᠢᠴᠡᠳᠭᠡᠲᠡᠭ᠂ ᠪᠦᠭᠡᠯᠡᠬᠦ ᠨᠢ ᠬᠡᠷᠡᠭ ᠲᠡᠭᠡᠷ᠎ᠡ ᠪᠠᠨ ᠲᠦᠷᠰᠦ ᠪᠡᠯᠭᠡᠰᠢᠶᠡᠯ ᠮᠥᠨ᠃ ᠬᠡᠢ ᠮᠤᠷᠢ ᠶᠢᠨ ᠰᠢᠲᠦᠯᠭᠡ ᠨᠢ ᠮᠤᠷᠢᠨ ᠤ ᠴᠤᠭ ᠰᠦᠯᠲᠡ ᠶᠢ ᠰᠢᠲᠦᠲᠡᠭ ᠤᠵᠠᠭᠤᠷᠯᠢᠭ ᠰᠢᠲᠦᠯᠭᠡ ᠶᠢᠨ ᠨᠡᠶᠢᠭᠡᠮᠴᠢᠯᠡᠭᠰᠡᠨ ᠰᠢᠨ᠎ᠡ ᠬᠡᠯᠪᠡᠷᠢ ᠮᠥᠨ᠃ ᠬᠦᠷᠡᠯ ᠤᠨ ᠰᠤᠶᠤᠯ ᠤᠨ ᠦᠶ᠎ᠡ ᠠᠴᠠ ᠠᠪᠤᠭᠠᠳ ᠮᠤᠷᠢ ᠨᠢ ᠰᠢᠲᠦᠭᠡᠨ ᠪᠤᠯᠤᠨ ᠬᠠᠨᠢ ᠨᠠᠶᠢᠵᠠ ᠭᠡᠬᠦ ᠲᠠᠪᠬᠤᠷᠲᠠᠮᠠᠯ ᠰᠤᠶᠤᠯ ᠤᠨ ᠠᠭᠤᠯᠭ᠎ᠠ ᠲᠠᠢ ᠪᠤᠯᠵᠠᠢ᠃ ᠡᠨᠡ ᠨᠢ ᠬᠤᠶᠢᠰᠢᠲᠡ ᠶᠢᠨ ᠬᠦᠭᠵᠢᠯ ᠤᠨ ᠶᠠᠪᠤᠴᠠ ᠳᠠᠭᠠᠨ ᠰᠢᠲᠦᠭᠡᠨ ᠤ ᠬᠤᠪᠢ ᠳᠤ ᠬᠡᠶᠢᠮᠤᠷᠢ᠂ ᠬᠡᠷᠡᠭᠴᠡᠭᠡ ᠶᠢᠨ ᠬᠤᠪᠢ ᠳᠤ ᠪᠤᠲᠠᠲᠠᠢ ᠤᠨᠤᠭ᠎ᠠ ᠬᠦᠯᠦᠭ ᠭᠡᠵᠦ ᠢᠯᠭᠠᠪᠤᠷᠢᠯᠠᠨ ᠰᠠᠯᠵᠤ ᠭᠠᠷᠴᠦ ᠢᠷᠡᠭᠰᠡᠨ ᠪᠠᠶᠢᠨ᠎ᠠ᠃ ᠡᠨᠡ ᠬᠦᠭᠵᠯ ᠤᠨ ᠱᠠᠲᠤᠨ ᠳᠤ ᠪᠤᠲᠠᠲᠤ ᠮᠤᠷᠢ ᠪᠤᠯᠤᠨ ᠬᠦᠮᠦᠨ ᠢᠲᠡᠭᠡᠰᠢᠨ ᠨᠢᠭᠡᠲᠦᠭᠰᠡᠨ ᠢᠶᠠᠷ ᠦᠯᠦ ᠪᠠᠷᠠᠮ᠂ ᠬᠦᠮᠦᠨ ᠰᠢᠲᠦᠭᠡᠨ ᠴᠦ ᠢᠲᠡᠭᠡᠰᠢᠨ ᠨᠢᠭᠡᠲᠦᠭᠰᠡᠨ ᠤᠨᠴᠠᠯᠢᠭ ᠲᠠᠢ ᠪᠤᠯᠵᠠᠢ᠃ ᠾᠦᠩᠨᠤᠴᠤᠳ ᠤᠨ ᠬᠠᠲᠠᠨ ᠵᠢᠷᠤᠭ ᠤᠨ ᠮᠤᠷᠢ ᠪᠤᠯᠤᠨ ᠬᠦᠷᠡᠯ ᠡᠳ᠋ᠯᠡᠯ ᠤᠨ ᠮᠤᠷᠢ ᠪᠣᠯ ᠡᠭᠦᠰᠦᠯ ᠨᠢᠭᠡ ᠬᠡᠪᠰᠢᠯ ᠠᠲᠠᠯᠢ ᠤᠷᠠᠯᠢᠭ ᠤᠨ ᠪᠦᠲᠦᠭᠡᠯ ᠪᠤᠯᠤᠨ᠎ᠠ᠃ ᠤᠮᠠᠷᠠᠲᠤ ᠶᠢᠨ ᠨᠡᠭᠦᠲᠡᠯᠴᠢᠳ ᠤᠨ ᠮᠤᠷᠢᠨ ᠤ ᠰᠢᠲᠦᠯᠭᠡ ᠳᠤ ᠪᠠᠯᠠᠷ ᠡᠷᠲᠡᠨ ᠠᠴᠠ ᠤᠯᠠᠮᠵᠢᠯᠠᠯ ᠲᠠᠢ ᠵᠦᠯᠲᠡ ᠰᠢᠲᠦᠯᠭᠡ ᠴᠦ ᠨᠡᠶᠢᠲᠡᠮ ᠤᠷᠤᠰᠢᠵᠤ ᠪᠠᠶᠢᠵᠠᠢ᠃ ᠵᠦᠯᠲᠡ ᠰᠢᠲᠦᠯᠭᠡ ᠶᠢᠨ ᠪᠠᠷᠢᠮᠲᠠ ᠮᠤᠩᠭᠤᠯ ᠤᠨ ᠦᠨᠲᠦᠷᠯᠢᠭ ᠤᠨ ᠡᠮᠤᠨ᠎ᠡ ᠵᠠᠬ᠎ᠠ ᠳᠤ 8000 ᠵᠢᠯ ᠤᠨ ᠲᠡᠷᠲᠡᠭᠡ ᠳᠤ ᠤᠷᠤᠰᠢᠵᠤ ᠪᠠᠶᠢᠬᠰᠠᠨ ᠰᠢᠩ ᠯᠦᠩ ᠸᠠ ᠶᠢᠨ ᠰᠤᠶᠤᠯ ᠤᠨ ᠪᠠᠭᠤᠷᠢ ᠠᠴᠠ ᠠᠩᠬ᠎ᠠ ᠢᠯᠡᠷᠡᠭᠰᠡᠨ ᠪᠠᠶᠢᠲᠠᠭ᠃ ᠠᠮᠢᠲᠠᠨ ᠤ ᠲᠤᠯᠤᠭᠠᠢ᠂ ᠠᠮᠢᠰᠬᠤᠬᠤ ᠡᠷᠭᠡᠲᠡᠨ ᠤ ᠬᠡᠯᠬᠢᠶ᠎ᠡ — ᠮᠦᠭᠡᠷᠰᠦᠨ ᠬᠤᠭᠤᠯᠠᠢ᠂ ᠠᠭᠤᠰᠬᠢ᠂ ᠵᠢᠷᠦᠭᠡ ᠵᠢᠴᠢ ᠲᠦᠷᠪᠡᠨ ᠰᠢᠬᠢᠷ᠎ᠡ ᠲᠠᠢ ᠨᠢ ᠦᠷᠭᠦᠯᠵᠢ ᠦᠪᠴᠢᠭᠰᠡᠨ ᠠᠷᠠᠰᠤᠨ ᠳᠤᠨᠢ ᠠᠮᠢᠲᠠᠨ ᠤ ᠰᠦᠨᠡᠰᠦ ᠤᠷᠤᠰᠢᠲᠠᠭ ᠭᠡᠵᠦ ᠦᠵᠡᠲᠡᠭ᠃ ᠢᠩᠬᠢᠵᠦ ᠲᠤᠯᠤᠭᠠᠢ᠂ ᠠᠮᠢᠰᠬᠤᠬᠤ ᠡᠷᠭᠡᠲᠡᠨ ᠤ ᠬᠡᠯᠬᠢᠶ᠎ᠡ᠂ ᠵᠢᠷᠦᠭᠡ᠂ ᠠᠷᠠᠰᠤ ᠲᠦᠷᠪᠡᠨ ᠰᠢᠬᠢᠷ᠎ᠡ ᠲᠠᠢ ᠨᠢ ᠦᠷᠭᠦᠯᠵᠢ ᠠᠪᠤᠬᠰᠠᠨ ᠲᠤᠯᠤᠭᠠᠢ ᠵᠦᠯᠲᠡ ᠭᠡᠲᠡᠭ᠃ ᠡᠨᠡ ᠨᠢ ᠪᠦᠭᠡ ᠮᠦᠷᠭᠦᠯ ᠤᠨ ᠱᠠᠰᠢᠨ ᠤ ᠰᠦᠨᠡᠰᠦ ᠰᠢᠲᠦᠯᠭᠡ ᠠᠴᠠ ᠡᠬᠢ ᠲᠠᠢ ᠰᠤᠶᠤᠯ ᠤᠨ ᠦᠵᠡᠭᠲᠡᠯ ᠪᠤᠯᠤᠨ᠎ᠠ᠃       3. ᠮᠤᠩᠭᠤᠯᠴᠤᠳ ᠤᠨ ᠮᠤᠷᠢᠨ ᠤ ᠰᠢᠲᠦᠯᠭᠡ ᠮᠤᠩᠭᠤᠯᠴᠤᠳ ᠤᠨ ᠮᠤᠷᠢᠨ ᠤ ᠰᠢᠲᠦᠯᠭᠡ ᠳᠤ ᠤᠩᠭᠤ ᠰᠢᠲᠦᠭᠡᠨ ︵ᠲᠡᠭᠡᠲᠦ ᠰᠢᠲᠦᠭᠡᠨ︶ ᠤ ᠰᠢᠲᠦᠯᠭᠡ᠂ ᠵᠦᠯᠲᠡ ᠰᠢᠲᠦᠯᠭᠡ ︵ᠰᠦᠨᠡᠰᠦ ᠰᠢᠲᠦᠯᠭᠡ︶᠂ ᠮᠤᠷᠢᠨ ᠤ ᠪᠡᠶ᠎ᠡ ᠪᠠᠶᠢᠲᠠᠯ᠂ ᠵᠠᠩ ᠠᠷᠠᠨᠰᠢᠨ ᠢ ᠪᠠᠭᠲᠠᠭᠠᠬᠰᠠᠨ ᠭᠤᠸ᠎ᠠ ᠲᠠᠭᠠᠰᠢᠶᠠᠯ᠂ ᠤᠶᠢᠯᠡ ᠬᠢᠲᠡᠯ᠂ ᠠᠮᠢ ᠨᠠᠰᠤ ᠪᠠᠨ ᠬᠤᠯᠪᠤᠬᠰᠠᠨ ᠡᠯᠢᠭᠡ ᠦᠨᠲᠡᠯᠵᠡᠮ᠎ᠡ ᠰᠢᠲᠦᠯᠴᠡᠭᠡᠰᠡᠨ ᠰᠡᠳᠬᠢᠯᠭᠡ ᠵᠡᠷᠭᠡ ᠤᠯᠠᠨ ᠲᠠᠪᠬᠤᠷᠭ᠎ᠠ ᠰᠤᠶᠤᠯ ᠤᠨ ᠠᠭᠤᠯᠭ᠎ᠠ ᠠᠭᠤᠯᠤᠬᠲᠠᠵᠤ ᠪᠠᠶᠢᠲᠠᠭ᠃ ᠮᠤᠩᠭᠤᠯᠴᠤᠳ ᠤᠨ ᠮᠤᠷᠢᠨ ᠤ ᠤᠩᠭᠤ ᠰᠢᠲᠦᠯᠭᠡ ᠨᠢ ᠬᠠᠲᠠᠨ ᠲᠡᠭᠡᠷ᠎ᠡ ᠵᠢᠷᠤᠬᠤ᠂ ᠡᠯ᠎ᠡ ᠵᠦᠢᠯ ᠤᠨ ᠡᠷᠲᠡᠨᠢ ᠴᠢᠯᠠᠭᠤᠳ ᠢᠶᠠᠷ ᠱᠤᠭᠤᠬᠤ᠂ ᠠᠯᠲᠠ ᠮᠦᠩᠭᠦ᠂ ᠬᠦᠷᠡᠯ ᠭᠠᠥᠯᠢ ᠪᠠᠷ ᠴᠢᠳᠬᠤᠬᠤ ᠮᠡᠲᠦ ᠪᠠᠷ ᠤᠵᠠᠭᠤᠷ ᠤᠯᠠᠮᠵᠢᠯᠠᠯ ᠢᠶᠠᠨ ᠬᠡᠪ ᠢᠶᠠᠷ ᠵᠠᠯᠭᠠᠮᠵᠢᠯᠠᠬᠰᠠᠨ ᠢᠶᠠᠷ ᠪᠠᠷᠠᠬᠤ ᠦᠭᠡᠢ ᠪᠦᠰ ᠲᠤᠷᠭᠠᠨ ᠲᠠᠯᠪᠠᠭ᠎ᠠ ᠲᠡᠭᠡᠷ᠎ᠡ ᠪᠠᠷᠯᠠᠵᠤ ᠬᠡᠶᠢᠮᠤᠷᠢ ᠭᠡᠮᠡᠨ ᠬᠡᠶᠢᠰᠭᠡᠵᠦ ᠲᠦᠭᠡᠮᠡᠯᠵᠢᠭᠦᠯᠦᠭᠰᠡᠨ ᠪᠠᠶᠢᠨ᠎ᠠ᠃ ᠮᠤᠩᠭᠤᠯᠴᠤᠳ ᠤᠨ ᠲᠤᠮᠲᠠ ᠮᠤᠷᠢᠨ ᠤ ᠰᠦᠨᠡᠰᠦᠨ ᠰᠢᠲᠦᠯᠭᠡ — ᠵᠦᠯᠲᠡ ᠰᠢᠲᠦᠯᠭᠡ ᠮᠥᠨ ᠤᠯᠠᠮᠵᠢᠯᠠᠨ ᠬᠠᠲᠠᠭᠠᠯᠠᠭᠲᠠᠭᠰᠠᠭᠠᠷ ᠪᠠᠶᠢᠨ᠎ᠠ᠃   
ᠢᠷᠡᠯᠲᠡ᠄ ᠬᠤᠯᠪᠤᠭ᠎ᠠ ᠰᠦᠯᠵᠢᠶ᠎ᠡ