ᠵᠠᠷᠢᠮ ᠬᠡᠷ ᠤᠨ ᠠᠬᠠᠮᠠᠳ ᠤᠨ ᠦᠵᠡᠬᠦ ᠪᠠᠷ᠂ ᠠᠯᠢᠶ᠎ᠠ ᠲᠦᠢᠳᠬᠡᠷ ᠬᠡᠤᠬᠡᠳ ᠤᠨ ᠪᠦᠭᠰᠡ ᠶᠢ ᠨᠢ ᠠᠯᠠᠭᠠᠳᠠᠬᠤ ᠦᠬᠡᠢ ᠪᠤᠯ ᠪᠤᠯᠬᠤ ᠦᠬᠡᠢ ᠭᠡᠳᠡᠭ᠃ | ᠤᠶᠢᠢᠷ᠎ᠠ ᠳᠤ ᠭᠠᠳᠠᠭᠠᠳᠤ ᠤᠯᠤᠰ ᠤᠨ ᠰᠤᠳᠤᠯᠭᠠᠨ ᠳᠤ ᠢᠯᠡᠷᠡᠬᠦᠯᠦᠭᠰᠡᠨ ᠢᠶᠠᠷ᠂ ᠵᠤᠳᠤᠵᠤ ᠬᠠᠷᠠᠳᠠᠬᠤ ᠨᠢ ᠬᠡᠤᠬᠡᠳ ᠤᠨ ᠤᠢ ᠤᠬᠠᠭᠠᠨ ᠤ ᠪᠤᠶᠢᠵᠢᠯᠳᠠ ᠶᠢ | ᠬᠠᠷᠰᠢᠯᠠᠵᠤ ᠮᠡᠳᠡᠨ᠎ᠠ ᠬᠡᠰᠡᠨ ᠢ ᠢᠯᠡᠷᠡᠬᠦᠯᠪᠡ᠃ ᠲᠤᠰᠬᠠᠢ ᠮᠡᠷᠬᠡᠵᠢᠯᠳᠡᠳ ᠠᠴᠠ ᠶᠠᠮᠠᠷᠴᠦ ᠪᠠᠶᠢᠳᠠᠯ ᠲᠤᠤᠷ᠎ᠠ ᠬᠡᠳ ᠬᠡᠤᠬᠡᠳ ᠢ ᠵᠤᠳᠤᠵᠤ ᠪᠤᠯᠬᠤ ᠦᠬᠡᠢ ᠬᠡᠮᠡᠨ | ᠰᠡᠷᠡᠮᠵᠢᠯᠡᠬᠦᠯᠵᠤ ᠪᠤᠢ᠃ ᠵᠤᠳᠤᠵᠤ ᠬᠠᠷᠠᠳᠠᠬᠤ ᠨᠢ ᠤᠢ ᠤᠬᠠᠭᠠᠨ ᠤ ᠪᠤᠶᠢᠵᠢᠯᠳᠠ ᠶᠢ ᠨᠦᠯᠦᠬᠡᠯᠡᠳᠡᠭ︕ | ᠲᠤᠮᠳᠠᠳᠤ ᠤᠯᠤᠰ ᠤᠨ ᠲᠠᠳᠬᠠᠯ ᠢᠶᠠᠷ᠂ ᠮᠤᠳᠤ ᠰᠢᠳᠡᠮ ᠨᠢ ᠬᠡᠤᠬᠡᠳ ᠤᠨ ᠦᠰᠤᠨ ᠪᠤᠶᠢᠵᠢᠯᠳᠠ ᠶᠢᠨ ᠶᠠᠪᠤᠴᠠ ᠳᠤ ᠴᠢᠬᠤᠯᠠ ᠦᠢᠯᠡᠳᠤᠯ ᠭᠠᠷᠭᠠᠳᠠᠭ | ᠬᠡᠮᠡᠨ ᠦᠵᠡᠳᠡᠭ᠃ ᠵᠠᠷᠢᠮ ᠬᠡᠷ ᠤᠨ ᠠᠬᠠᠮᠠᠳ ᠤᠨ ᠦᠵᠡᠬᠦ ᠪᠠᠷ᠂ ᠬᠡᠤᠬᠡᠳ ᠪᠠᠯᠴᠢᠷ ᠪᠠᠭ᠎ᠠ ᠳᠠᠭᠠᠨ ᠶᠠᠭᠤᠮ᠎ᠠ ᠲᠦᠬᠦᠬᠡᠷᠬᠦ ᠦᠬᠡᠢ ᠪᠤᠯᠬᠤᠷ ᠪᠦᠭᠰᠡ ᠶᠢ ᠨᠢ | ᠠᠯᠠᠭᠠᠳᠠᠬᠤ ᠪᠤᠶᠤ ᠵᠤᠳᠤᠵᠤ ᠬᠠᠷᠠᠳᠠᠪᠠᠯ ᠰᠠᠶ᠋ᠢ ᠴᠡᠬᠡᠵᠢᠨ ᠳᠤᠨᠢ ᠶᠤᠰᠤ ᠤᠴᠢᠷ ᠢ ᠲᠤᠭᠳᠠᠭᠠᠵᠤ ᠲᠠᠶᠢᠯᠦᠨ᠎ᠠ᠃ ᠬᠡᠪᠡᠴᠦ ᠤᠶᠢᠢᠷ᠎ᠠ ᠳᠤ ᠠᠮᠧᠷᠢᠺᠠ ᠶᠢᠨ ᠰᠢᠨᠵᠢᠯᠡᠬᠦ | ᠤᠠᠬᠭᠠᠨᠳᠠᠳ ᠠᠴᠠ ᠬᠡᠤᠬᠡᠳ ᠤᠨ ᠪᠦᠭᠰᠡ ᠶᠢ ᠠᠯᠠᠭᠠᠳᠠᠬᠤ ᠪᠤᠶᠤ ᠵᠤᠳᠤᠵᠤ ᠬᠠᠷᠠᠳᠠᠬᠤ ᠨᠢ ᠬᠡᠤᠬᠡᠳ ᠤᠨ ᠤᠢ ᠤᠬᠠᠭᠠᠨ ᠤ ᠪᠤᠶᠢᠵᠢᠯᠳᠠ ᠶᠢ ᠨᠦᠯᠦᠬᠡᠯᠡᠵᠤ | ᠮᠡᠳᠡᠨ᠎ᠠ ᠬᠡᠰᠡᠨ ᠢ ᠢᠯᠡᠷᠡᠬᠦᠯᠵᠠᠢ᠃ ᠠᠮᠧᠷᠢᠺᠠ ᠶᠢᠨ ᠲᠠᠮᠤᠯᠠᠯ ᠢ ᠰᠡᠷᠬᠡᠶᠢᠯᠡᠬᠦ ᠬᠢᠬᠡᠳ ᠬᠡᠷ ᠪᠦᠯᠢ ᠶᠢᠨ ᠬᠦᠴᠦᠷᠬᠡᠭᠯᠡᠯ ᠢ ᠬᠤᠷᠢᠭᠯᠠᠬᠤ ᠲᠤᠰᠬᠠᠢ ᠮᠡᠷᠬᠡᠵᠢᠯᠳᠡᠳ 2 | — 9 ᠨᠠᠰᠤᠳᠠᠢ 1510 ᠬᠡᠤᠬᠡᠳ ᠢ 4 ᠵᠢᠯ ᠲᠠᠭᠠᠵᠤ ᠰᠤᠳᠤᠯᠤᠭᠠᠳ 2 — 4 ᠨᠠᠰᠤᠨ ᠤ ᠲᠤᠭᠤᠶᠢᠢᠯᠠᠩ ᠳᠠᠬᠢ 806 ᠬᠡᠤᠬᠡᠳ ᠤᠨ ᠲᠤᠳᠤᠷ᠎ᠠ | ᠬᠠᠷᠠᠳᠠᠵᠤ ᠵᠤᠳᠤᠭᠳᠠᠭᠰᠠᠨ ᠦᠬᠡᠢ ᠬᠡᠤᠬᠡᠳ ᠤᠨ ᠤᠢ ᠤᠬᠠᠭᠠᠨ ᠤ ᠲᠤᠮᠳᠠᠴᠢ ᠲᠦᠪᠰᠢᠨ ᠨᠢ ᠬᠠᠷᠠᠳᠠᠵᠤ ᠵᠤᠳᠤᠭᠳᠠᠭᠰᠠᠨ ᠬᠡᠤᠬᠡᠳ ᠠᠴᠠ 5 ᠬᠤᠪᠢ ᠦᠨᠳᠤᠷ | ᠪᠠᠶᠢᠵᠤ᠂ 5 — 9 ᠨᠠᠰᠤᠨ ᠤ ᠨᠦᠬᠦᠬᠡ ᠲᠤᠭᠤᠶᠢᠢᠯᠠᠩ ᠳᠠᠬᠢ 704 ᠬᠡᠤᠬᠡᠳ ᠤᠨ ᠡᠨᠡᠬᠦ ᠵᠦᠷᠢᠶ᠎ᠠ ᠨᠢ 2.8 ᠬᠤᠪᠢ ᠳᠤ ᠬᠦᠷᠴᠠᠢ᠃ ᠡᠶᠢᠮᠤ ᠠᠴᠠ ᠶᠠᠮᠠᠷᠴᠦ | ᠪᠠᠶᠢᠳᠠᠯ ᠲᠤᠤᠷ᠎ᠠ ᠬᠡᠳ ᠬᠡᠤᠬᠡᠳ ᠢᠶᠠᠨ ᠵᠤᠳᠤᠵᠤ ᠬᠠᠷᠠᠳᠠᠵᠤ ᠪᠤᠯᠬᠤ ᠦᠬᠡᠢ ᠬᠡᠮᠡᠨ ᠰᠤᠳᠤᠯᠭᠠᠳᠠᠳ ᠠᠴᠠ ᠰᠡᠷᠡᠮᠵᠢᠯᠡᠬᠦᠯᠵᠤ ᠪᠤᠢ᠃ ᠵᠤᠳᠤᠵᠤ ᠬᠠᠷᠠᠳᠠᠬᠤ | ᠰᠤᠷᠭᠠᠨ ᠬᠦᠮᠦᠵᠢᠯ ᠤᠨ ᠤᠯᠠᠩᠬᠢ ᠨᠢ ᠴᠦᠮ ᠬᠡᠷᠡᠭ ᠤᠴᠢᠷ ᠤᠨ ᠰᠢᠯᠳᠠᠭᠠᠨ ᠲᠠᠢ ᠬᠡᠷ ᠤᠨ ᠠᠬᠠᠮᠠᠳ ᠬᠡᠤᠬᠡᠳ ᠢᠶᠠᠨ ᠵᠤᠳᠤᠵᠤ ᠬᠠᠷᠠᠳᠠᠬᠤ ᠶᠢᠨ ᠬᠠᠷᠠᠯᠳᠠ ᠨᠢ | ᠠᠶᠤᠯᠭᠠᠬᠤ ᠪᠠᠷ ᠲᠠᠮᠵᠢᠨ ᠬᠡᠤᠬᠡᠳ ᠲᠤ ᠡᠬᠡᠬᠡ ᠠᠳᠠᠯᠢᠬᠠᠨ ᠠᠯᠳᠠᠭ᠎ᠠ ᠪᠤᠷᠤᠭᠤ ᠶᠢ ᠲᠠᠬᠢᠨ ᠬᠢᠵᠤ ᠪᠤᠯᠬᠤ ᠦᠬᠡᠢ ᠬᠡᠵᠤ ᠰᠡᠷᠡᠮᠵᠢᠯᠡᠬᠦᠯᠬᠦ ᠶᠢᠨ ᠲᠦᠯᠦᠬᠡ ᠶᠤᠮ᠃ | ᠵᠤᠳᠤᠵᠤ ᠬᠠᠷᠠᠳᠠᠬᠤ ᠬᠡᠯᠪᠡᠷᠢ ᠨᠢ ᠴᠦ ᠤᠯᠠᠨ ᠶᠠᠩᠵᠤ ᠶᠢᠨ ᠪᠠᠶᠢᠳᠠᠭ᠃ ᠨᠢᠯᠬ᠎ᠠ ᠬᠡᠤᠬᠡᠳ ᠢ ᠵᠤᠭᠰᠤᠭᠠᠬᠤ᠂ ᠰᠦᠬᠦᠳᠬᠡᠬᠦ ᠪᠤᠶᠤ ᠬᠤᠭᠤᠯᠠ ᠢᠳᠡᠬᠦᠯᠬᠦ ᠦᠬᠡᠢ᠂ | ᠲᠤᠮᠤ ᠰᠢᠬ ᠬᠡᠤᠬᠡᠳ ᠢ ᠡᠬᠦᠨ ᠤ ᠲᠡᠬᠡᠷ᠎ᠠ ᠪᠠᠰᠠ ᠵᠤᠳᠤᠵᠤ ᠢᠰᠬᠦᠯᠬᠦ ᠪᠤᠶᠤ ᠬᠡᠷ ᠪᠦᠯᠢ ᠶᠢᠨ ︽ᠬᠦᠢᠳᠡᠨ ᠬᠦᠴᠦᠷᠬᠡᠭᠯᠡᠯ︾ ᠤᠨ ᠠᠷᠭ᠎ᠠ ᠶᠢ ᠠᠪᠤᠨ ᠤᠶᠢᠢᠰᠢᠶᠠᠬᠤ | ᠦᠬᠡᠢ ᠪᠠᠶᠢᠳᠠᠭ᠃ ᠡᠳᠡᠬᠡᠷ ᠬᠡᠷ ᠤᠨ ᠠᠬᠠᠮᠠᠳ ᠤᠨ ᠦᠵᠡᠬᠦ ᠪᠠᠷ ᠬᠡᠤᠬᠡᠳ ᠤᠯᠠᠮ ᠬᠠᠷᠠᠳᠠᠢ ᠶᠠᠯᠠᠳᠠᠭᠳᠠᠪᠠᠯ ᠤᠯᠠᠮ ᠰᠤᠷᠭᠠᠮᠵᠢ ᠠᠪᠴᠦ᠂ ᠲᠠᠬᠢᠨ ᠠᠯᠳᠠᠭ᠎ᠠ | ᠪᠤᠷᠤᠭᠤ ᠭᠠᠷᠭᠠᠬᠤ ᠠᠴᠠ ᠪᠠᠨ ᠠᠶᠤᠳᠠᠭ ᠬᠡᠨ᠎ᠠ᠃ ᠲᠠᠬᠡᠪᠡᠯ ᠬᠡᠤᠬᠡᠳ ᠤᠨ ᠲᠦᠷᠦᠭᠳᠡᠯ ᠶᠠᠮᠠᠷᠰᠢᠤ ᠪᠠᠶᠢᠭ᠎ᠠ ᠪᠤᠯ︖ ᠮᠠᠲ᠋ᠧᠷᠢᠶᠠᠯ ᠤᠨ ᠢᠯᠡᠷᠡᠬᠦᠯᠦᠭᠰᠡᠨ ᠢᠶᠠᠷ᠂ 40. | 3% ᠤᠨ ᠬᠡᠤᠬᠡᠳ ︽ᠪᠢᠰᠢᠷᠠᠵᠤ ᠲᠠᠭᠠᠬᠤ ᠦᠬᠡᠢ ᠮᠦᠷᠳᠡᠬᠡᠨ ᠰᠡᠳᠬᠢᠯ ᠲᠤᠳᠤᠷ᠎ᠠ ᠪᠠᠨ ᠡᠰᠡᠷᠬᠦᠴᠡᠯ ᠲᠠᠯᠪᠢᠳᠠᠭ︾᠂ 20.94% ᠤᠨ ᠬᠡᠤᠬᠡᠳ ︽ᠠᠷᠭ᠎ᠠ | ᠦᠬᠡᠢ ᠲᠡᠰᠴᠦ ᠦᠩᠬᠡᠷᠡᠬᠡᠳᠡᠭ︾᠂ ᠵᠦᠪᠬᠡᠨ 21.8% ᠤᠨ ᠬᠡᠤᠬᠡᠳ ᠯᠡ ︽ᠪᠠᠶ᠎ᠠ ᠪᠠᠨ ᠵᠢᠮᠠᠯᠠᠨ ᠴᠢᠷᠮᠠᠶᠢᠨ ᠰᠠᠶᠢᠵᠢᠷᠠᠭᠤᠯᠬᠤ︾ ᠶᠢ ᠪᠤᠳᠤᠳᠠᠭ ᠶᠤᠮ᠃ | ᠢᠯᠠᠩᠭᠤᠶ᠎ᠠ ᠬᠠᠷᠠᠳᠠᠵᠤ ᠵᠤᠳᠤᠭᠳᠠᠭᠰᠠᠨ ᠤ ᠲᠠᠷᠠᠭ᠎ᠠ 14.8% ᠤᠨ ᠬᠡᠤᠬᠡᠳ ᠲᠤ ︽ᠬᠡᠷ ᠠᠴᠠ ᠪᠠᠨ ᠰᠠᠯᠬᠤ ᠪᠤᠶᠤ ᠰᠤᠷᠭᠠᠭᠤᠯᠢ ᠠᠴᠠ ᠲᠤᠳᠠᠭᠠᠬᠤ ᠲᠦᠷᠦᠭᠳᠡᠯ | ︾ ᠤᠷᠤᠳᠠᠭ ᠪᠠᠶᠢᠨ᠎ᠠ᠃ ᠡᠨᠡ ᠪᠦᠯᠦᠭ ᠲᠤᠭ᠎ᠠ ᠪᠠᠷᠢᠮᠳᠠ ᠨᠢ ᠬᠠᠷᠠᠳᠠᠵᠤ ᠵᠤᠳᠤᠬᠤ ᠰᠤᠷᠭᠠᠨ ᠬᠠᠮᠢᠶᠠᠷᠤᠯᠳᠠ ᠶᠢᠨ ᠬᠡᠯᠪᠡᠷᠢ ᠨᠢ ᠢᠳᠡᠪᠬᠢ ᠦᠢᠯᠡᠳᠤᠯ ᠪᠠ ᠦᠷ᠎ᠠ | ᠠᠰᠢᠭ ᠭᠠᠷᠭᠠᠬᠤ ᠦᠬᠡᠢ᠂ ᠪᠠᠰᠠᠴᠦ ᠨᠢᠬᠡ ᠵᠦᠢᠯ ᠤᠨ ᠵᠦᠪ ᠪᠤᠰᠤ ᠰᠤᠷᠭᠠᠨ ᠬᠦᠮᠦᠵᠢᠯ ᠤᠨ ᠠᠷᠭ᠎ᠠ ᠬᠡᠯᠪᠡᠷᠢ ᠶᠢ ᠢᠯᠡᠷᠡᠬᠦᠯᠦᠭᠰᠡᠨ ᠠᠵᠢ᠃ ᠪᠠᠶᠢᠩᠭᠤ ᠵᠤᠳᠤᠵᠤ | ᠬᠠᠷᠠᠳᠠᠬᠤ ᠨᠢ ᠬᠡᠤᠬᠡᠳ ᠤᠨ ᠤᠢ ᠤᠬᠠᠭᠠᠨ ᠤ ᠪᠤᠶᠢᠵᠢᠯᠳᠠ ᠶᠢ ᠬᠢᠵᠠᠭᠠᠷᠯᠠᠳᠠᠭ︕ ᠲᠤᠰᠬᠠᠢ ᠮᠡᠷᠬᠡᠵᠢᠯᠳᠡᠳ ᠤᠨ ᠦᠵᠡᠬᠦ ᠪᠠᠷ᠂ ᠬᠡᠤᠬᠡᠳ ᠤᠨ ᠤᠢ ᠤᠬᠠᠭᠠᠨ ᠤ | ᠬᠦᠭᠵᠢᠯᠳᠡ ᠪᠤᠯ ᠨᠢᠬᠡᠨ ᠦᠷᠬᠦᠯᠵᠢᠯᠡᠭᠰᠡᠨ ᠶᠠᠪᠤᠴᠠ ᠪᠠᠶᠢᠵᠤ᠂ ᠲᠦᠷᠦᠯᠬᠢ ᠶᠢᠨ ᠡᠯᠧᠮᠧᠨ᠋ᠲ ᠠᠴᠠ ᠪᠤᠰᠤᠳ ᠭᠠᠳᠠᠭᠠᠳᠤ ᠤᠷᠴᠢᠨ ᠲᠤᠭᠤᠷᠢᠨ ᠴᠦ ᠴᠢᠬᠤᠯᠠ | ᠦᠢᠯᠡᠳᠤᠯ ᠭᠠᠷᠭᠠᠳᠠᠭ ᠪᠢᠯᠡ᠃ ᠬᠡᠤᠬᠡᠳ ᠬᠡᠷᠪᠡ ᠨᠢᠬᠡᠨ ᠬᠦᠴᠦᠷᠬᠡᠭᠯᠡᠯ ᠰᠦᠷᠳᠡᠬᠦᠯᠦᠯ ᠤᠨ ᠤᠷᠴᠢᠨ ᠲᠤᠭᠤᠷᠢᠨ ᠲᠤᠳᠤᠷ᠎ᠠ ᠤᠷᠳᠤ ᠬᠤᠭᠤᠴᠠᠭ᠎ᠠ ᠠᠮᠢᠳᠤᠷᠠᠪᠠᠯ | ᠡᠷᠡᠬᠦᠯ ᠮᠡᠨᠳᠤ ᠪᠠᠷ ᠦᠰᠦᠨ ᠪᠤᠶᠢᠵᠢᠬᠤ ᠳᠤᠨᠢ ᠠᠰᠢᠭ ᠦᠬᠡᠢ᠃ ᠤᠢ ᠤᠬᠠᠭᠠᠨ ᠨᠢ ᠤᠬᠢ ᠰᠠᠶᠢᠨ ᠢᠶᠠᠷ ᠪᠤᠶᠢᠵᠢᠬᠤ ᠨᠢ ᠨᠡᠩ ᠲᠤᠷᠠᠳᠤᠭᠰᠠᠨ ᠤ ᠬᠡᠷᠡᠭ ᠠᠯᠠᠭ᠎ᠠ᠃ | ᠲᠤᠰᠬᠠᠢ ᠮᠡᠷᠬᠡᠵᠢᠯᠳᠡᠳ ᠤᠨ ᠬᠡᠯᠡᠬᠦ ᠪᠠᠷ᠂ ᠶᠡᠭᠡ ᠲᠠᠷᠢᠬᠢ ᠶᠢᠨ ᠵᠡᠬᠦᠨ ᠪᠠᠷᠠᠭᠤᠨ ᠬᠠᠭᠠᠰ ᠲᠠᠯ᠎ᠠ ᠨᠢ ᠬᠡᠳᠦ᠋ᠢᠪᠡᠷ ᠠᠳᠠᠯᠢ ᠪᠤᠰᠤ ᠶᠢᠨ ᠴᠢᠳᠠᠪᠬᠢ ᠲᠠᠢ ᠪᠤᠯᠪᠠᠴᠦ | ᠬᠠᠷᠢᠯᠴᠠᠨ ᠬᠠᠪᠰᠤᠷᠤᠨ ᠠᠵᠢᠯᠯᠠᠳᠠᠭ ᠶᠤᠮ᠃ ᠬᠡᠤᠬᠡᠳ ᠬᠠᠷᠠᠳᠠᠵᠤ ᠵᠤᠳᠤᠭᠳᠠᠪᠠᠯ ᠤᠭᠳᠠᠷᠭᠤᠢ ᠶᠢᠨ ᠰᠡᠷᠡᠯ᠂ ᠤᠷᠮ᠎ᠠ ᠰᠡᠳᠬᠢᠯᠬᠡ᠂ ᠤᠷᠠᠯᠢᠭ ᠤᠨ ᠰᠤᠨᠢᠷᠬᠠᠯ | ᠮᠡᠳᠤ ᠶᠢ ᠲᠠᠭᠠᠭᠠᠴᠢᠯᠠᠭᠰᠠᠨ ᠵᠡᠬᠦᠨ ᠲᠠᠷᠢᠬᠢ ᠨᠢ ᠰᠠᠨᠳᠤᠷᠴᠤ ᠪᠠᠴᠢᠮᠳᠠᠭᠰᠠᠨ᠂ ᠬᠦᠯᠢᠶᠡᠰᠤᠯᠡᠭᠳᠡᠵᠤ ᠰᠦᠷᠳᠡᠭᠦᠯᠦᠭᠳᠡᠭᠰᠡᠨ ᠪᠠᠶᠢᠳᠠᠯ ᠳᠤ ᠤᠷᠤᠰᠢᠳᠠᠭ᠃ ᠢᠩᠬᠢᠪᠠᠯ | ᠵᠡᠬᠦᠨ ᠲᠠᠷᠢᠬᠢ ᠶᠢᠨ ᠴᠢᠳᠠᠪᠬᠢ ᠶᠢ ᠴᠦ ᠨᠦᠯᠦᠬᠡᠯᠡᠬᠦ ᠶᠤᠮ᠃ ᠵᠡᠬᠦᠨ ᠲᠠᠷᠢᠬᠢ ᠨᠢ ᠭᠤᠤᠯᠳᠠᠭᠤ ᠦᠬᠡ ᠬᠡᠯᠡ᠂ ᠤᠩᠰᠢᠯᠭ᠎ᠠ᠂ ᠲᠤᠭ᠎ᠠ ᠪᠤᠳᠤᠯᠭ᠎ᠠ ᠪᠠ ᠯᠤᠬᠢᠭ | ᠰᠡᠳᠬᠢᠬᠦᠢ ᠵᠡᠷᠬᠡ ᠶᠢ ᠬᠠᠷᠢᠭᠤᠴᠠᠳᠠᠭ ᠪᠤᠯᠬᠤᠷ ᠬᠡᠤᠬᠡᠳ ᠤᠨ ᠤᠢ ᠤᠬᠠᠭᠠᠨ ᠤ ᠪᠤᠶᠢᠵᠢᠯᠳᠠ ᠶᠢ ᠬᠢᠵᠠᠭᠠᠷᠯᠠᠳᠠᠭ ᠪᠠᠶᠢᠨ᠎ᠠ᠃ ᠦᠨᠡᠨᠳᠡᠬᠡᠨ ᠪᠦᠭᠰᠡ ᠠᠯᠠᠭᠠᠳᠠᠬᠤ | ᠮᠡᠳᠤ ᠶᠢᠨ ᠬᠦᠩᠬᠡᠨ ᠰᠢᠭ ᠶᠠᠯᠠᠯᠠᠭᠠ ᠨᠢ ᠬᠡᠳᠦ᠋ᠢᠪᠡᠷ ᠪᠤᠯᠴᠢᠩ ᠪᠠ ᠪᠠᠶ᠎ᠠ ᠴᠤᠭᠴᠠᠰ ᠢ ᠰᠢᠭᠤᠳ ᠨᠦᠯᠦᠬᠡᠯᠡᠬᠦ ᠦᠬᠡᠢ ᠪᠤᠯᠪᠠᠴᠦ ᠡᠪᠡᠳᠬᠦ ᠲᠦᠷᠦᠭᠳᠡᠯ ᠨᠢ | ᠮᠡᠳᠡᠷᠡᠯ ᠤᠨ ᠭᠤᠤᠯ ᠬᠦᠢᠰᠤ ᠪᠠᠷ ᠲᠠᠮᠵᠢᠨ ᠲᠠᠷᠢᠬᠢᠨ ᠳᠤ ᠬᠦᠷᠦᠬᠡᠳ ᠲᠠᠷᠢᠬᠢᠨ ᠳᠤ ᠰᠡᠳᠡᠯᠳᠡ ᠤᠴᠠᠷᠠᠭᠤᠯᠳᠠᠭ ᠶᠤᠮ᠃ ᠡᠬᠦᠨ ᠤ ᠬᠠᠮᠳᠤ ᠪᠠᠰᠠ ᠬᠡᠤᠬᠡᠳ ᠤᠨ | ᠲᠤᠳᠤᠭᠠᠳᠤ ᠡᠷᠬᠡᠳᠡᠨ ᠪᠠ ᠪᠠᠶ᠎ᠠ ᠶᠢᠨ ᠦᠰᠦᠯᠳᠡ ᠶᠢ ᠨᠦᠯᠦᠬᠡᠯᠡᠳᠡᠭ᠃ ᠤᠷᠳᠤ ᠬᠤᠭᠤᠴᠠᠭ᠎ᠠ ᠬᠠᠷᠠᠳᠠᠵᠤ ᠵᠤᠳᠤᠭᠳᠠᠭᠰᠠᠨ ᠬᠡᠤᠬᠡᠳ ᠠᠮᠠᠷᠬᠠᠨ ᠲᠠᠷᠢᠬᠢ ᠠᠪᠴᠢᠬᠤ | ᠡᠪᠡᠳᠴᠢᠨ ᠤᠯᠬᠤ ᠶᠢ ᠠᠯᠢ ᠡᠷᠳᠡ ᠶᠠᠫᠤᠨ ᠤ ᠰᠢᠨᠵᠢᠯᠡᠬᠦ ᠤᠬᠠᠭᠠᠨᠳᠠᠨ ᠨᠢᠬᠡᠨᠳᠡ ᠬᠡᠷᠡᠴᠢᠯᠡᠪᠡ᠃ ᠰᠤᠳᠤᠯᠭᠠᠨ ᠤ ᠢᠯᠡᠷᠡᠬᠦᠯᠦᠭᠰᠡᠨ ᠢᠶᠠᠷ᠂ 3 ᠵᠢᠯ ᠠᠴᠠ ᠲᠠᠬᠡᠭᠰᠢ | ᠬᠠᠷᠠᠳᠠᠵᠤ ᠵᠤᠳᠤᠭᠳᠠᠭᠰᠠᠨ ᠬᠡᠤᠬᠡᠳ ᠤᠨ ᠶᠡᠭᠡ ᠲᠠᠷᠢᠬᠢ ᠶᠢᠨ ᠬᠠᠶᠢᠷ᠎ᠠ ᠰᠡᠳᠬᠢᠯᠬᠡ ᠪᠠ ᠰᠢᠢᠳᠪᠤᠷᠢᠳᠤ ᠪᠤᠳᠤᠯᠭ᠎ᠠ ᠭᠠᠷᠭᠠᠬᠤ ᠲᠠᠪᠬᠤᠷᠭ᠎ᠠ ᠶᠢᠨ ᠪᠤᠶᠢᠵᠢᠯᠳᠠ ᠨᠢ | ᠡᠩ ᠤᠨ ᠬᠡᠤᠬᠡᠳ ᠠᠴᠠ 19.1% ᠲᠤᠤᠷ᠎ᠠ ᠪᠠᠶᠢᠵᠤ᠂ ᠠᠩᠬᠠᠷᠤᠯ ᠲᠠᠯᠪᠢᠬᠤ ᠵᠢᠴᠢ ᠲᠠᠨᠢᠵᠤ ᠮᠡᠳᠡᠬᠦ ᠠᠵᠢᠯᠯᠠᠭ᠎ᠠ ᠲᠠᠢ ᠬᠠᠮᠢᠶ᠎ᠠ ᠪᠦᠬᠦᠢ ᠲᠠᠪᠬᠤᠷᠭ᠎ᠠ ᠶᠢᠨ | ᠪᠤᠶᠢᠵᠢᠯᠳᠠ ᠨᠢ ᠡᠩ ᠤᠨ ᠬᠡᠤᠬᠡᠳ ᠠᠴᠠ ᠲᠤᠰ ᠪᠦᠷᠢ 16.9% ᠪᠠ 14.5% ᠲᠤᠤᠷ᠎ᠠ ᠪᠠᠶᠢᠳᠠᠭ ᠠᠵᠢ᠃ ᠦᠵᠡᠯ ᠰᠠᠨᠠᠭ᠎ᠠ ᠶᠢᠨ ᠱᠠᠩᠨᠠᠯ ᠢ ᠴᠢᠬᠤᠯᠠᠴᠢᠯᠠᠵᠤ | ᠱᠠᠩᠨᠠᠬᠤ ᠠᠴᠠ ᠪᠢᠰᠢ ᠶᠠᠯᠠᠯᠠᠬᠤ ᠦᠬᠡᠢ ᠪᠤᠯ ᠬᠠᠮᠤᠭ ᠰᠠᠶᠢᠨ︕ ᠬᠡᠷ ᠤᠨ ᠠᠬᠠᠮᠠᠳ ᠲᠤ ᠠᠪᠴᠦ ᠬᠡᠯᠡᠪᠡᠯ᠂ ᠬᠡᠤᠬᠡᠳ ᠲᠤ ᠨᠢᠬᠡᠨ ᠲᠤᠯᠠᠭᠠᠨ ᠲᠠᠭᠠᠯᠠᠮᠵᠢᠳᠠᠢ᠂ | ᠡᠶ᠎ᠡ ᠨᠠᠶᠢᠷᠠᠮᠳᠠᠭᠤ ᠬᠡᠷ ᠪᠦᠯᠢ ᠶᠢᠨ ᠬᠠᠷᠢᠴᠠᠭ᠎ᠠ ᠶᠢ ᠤᠯᠭᠤᠬᠤ ᠪᠤᠯ ᠲᠦᠢᠯ ᠤᠨ ᠴᠢᠬᠤᠯᠠ ᠪᠠᠶᠢᠳᠠᠭ᠃ ᠲᠤᠰᠬᠠᠢ ᠮᠡᠷᠬᠡᠵᠢᠯᠳᠡᠨ ᠤ ᠰᠠᠨᠠᠭᠤᠯᠬᠤ ᠪᠠᠷ᠂ ᠬᠡᠷ ᠤᠨ | ᠠᠬᠠᠮᠠᠳ ᠡᠳᠤᠷ ᠲᠤᠳᠤᠮ ᠤᠨ ᠰᠤᠷᠭᠠᠨ ᠬᠦᠮᠦᠵᠢᠯ ᠤᠨ ᠲᠤᠮᠳᠠ ᠬᠡᠤᠬᠡᠳ ᠤᠨ ᠲᠤᠷ᠎ᠠ ᠰᠤᠨᠢᠷᠬᠠᠯ ᠢ ᠬᠦᠭᠵᠢᠬᠡᠵᠤ᠂ ᠬᠡᠤᠬᠡᠳ ᠤᠨ ᠤᠷ᠎ᠠ ᠠᠪᠢᠶᠡᠰ ᠢ ᠢᠯᠡᠷᠡᠬᠦᠯᠵᠤ | ᠪᠠᠶᠢᠭᠠᠳ ᠠᠳᠠᠯᠢ ᠪᠤᠰᠤ ᠨᠠᠰᠤᠨ ᠳᠤᠨᠢ ᠠᠳᠠᠯᠢ ᠪᠤᠰᠤ ᠶᠢᠨ ᠬᠦᠭᠵᠢᠯᠳᠡ ᠶᠢᠨ ᠵᠢᠮ᠎ᠠ ᠬᠠᠤᠯᠢ ᠶᠢ ᠦᠨᠳᠤᠰᠤᠯᠡᠨ ᠬᠡᠤᠬᠡᠳ ᠢ ᠲᠠᠶᠢᠴᠢᠯᠠᠨ ᠲᠠᠭᠠᠭᠤᠯᠬᠤ ᠴᠢᠬᠤᠯᠠᠳᠠᠢ | ᠃ ︽ᠡᠪᠡᠳᠴᠢᠨ ᠳᠤᠨᠢ ᠲᠤᠬᠢᠷᠠᠭᠤᠯᠤᠨ ᠡᠮ ᠵᠠᠷᠤᠬᠤ︾ ᠠᠴᠠ ᠪᠢᠰᠢ᠂ ᠶᠠᠭᠠᠬᠢᠭᠰᠠᠨ ᠴᠦ ᠵᠤᠳᠤᠵᠤ ᠬᠠᠷᠠᠳᠠᠵᠤ ᠪᠤᠯᠬᠤ ᠦᠬᠡᠢ᠃ ᠡᠩ ᠲᠠᠷᠢᠬᠦᠨ ᠳᠤ᠂ ᠬᠡᠷ ᠤᠨ | ᠠᠬᠠᠮᠠᠳ ᠪᠤᠯᠤᠭᠰᠠᠳ ᠡᠷᠬᠡᠪᠰᠢ ᠬᠡᠤᠬᠡᠳ ᠨᠢᠬᠡᠪᠤᠷᠢ ᠴᠦᠮ ᠲᠦᠷᠢᠮ ᠲᠤᠭᠳᠠᠭᠠᠯ ᠢ ᠵᠢᠷᠤᠮᠯᠠᠬᠤ ᠰᠠᠨᠠᠭ᠎ᠠ ᠲᠠᠢ ᠪᠠᠶᠢᠳᠠᠭ ᠢ ᠪᠠᠳᠤ ᠢᠳᠡᠬᠡᠵᠤ᠂ ᠬᠡᠤᠬᠡᠨ ᠢᠶᠠᠨ | ᠵᠤᠷᠢᠬᠵᠢᠭᠤᠯᠬᠤ ᠠᠴᠠ ᠪᠢᠰᠢ ᠠᠯᠳᠠᠭ᠎ᠠ ᠪᠤᠷᠤᠭᠤ ᠭᠠᠷᠭᠠᠭᠰᠠᠭᠠᠷ ᠵᠢᠮᠠᠯᠠᠵᠤ ᠵᠤᠳᠤᠵᠤ ᠪᠤᠯᠬᠤ ᠦᠬᠡᠢ᠃ ᠢᠯᠠᠩᠭᠤᠶ᠎ᠠ ᠨᠢᠯᠬ᠎ᠠ ᠬᠡᠤᠬᠡᠳ ᠢ ᠰᠤᠷᠭᠠᠨ ᠬᠦᠮᠦᠵᠢᠬᠦᠯᠬᠦ | ᠲᠠᠯ᠎ᠠ ᠪᠠᠷ ᠨᠡᠩ ᠤᠯᠠᠨ ᠴᠠᠭ ᠭᠠᠷᠤᠵᠠᠳᠠᠭᠤᠯᠬᠤ ᠠᠴᠠ ᠪᠢᠰᠢ᠂ ᠬᠠᠷᠠᠳᠠᠵᠤ ᠵᠤᠳᠤᠬᠤ ᠶᠢᠨ ᠠᠮᠠᠷ ᠢ ᠪᠤᠳᠤᠵᠤ ᠪᠤᠯᠬᠤ ᠦᠬᠡᠢ᠃ ᠡᠬᠦᠨ ᠠᠴᠠ ᠭᠠᠳᠠᠨ᠎ᠠ | ᠱᠠᠩᠨᠠᠬᠤ ᠠᠴᠠ ᠶᠠᠯᠠᠯᠠᠬᠤ ᠪᠠᠶᠢᠬᠤ ᠶᠢ ᠪᠠᠶᠡᠯᠡᠬᠦᠯᠬᠦ ᠬᠡᠷᠡᠭᠳᠠᠢ᠃ ᠬᠡᠤᠬᠡᠳ ᠢ ᠵᠤᠷᠢᠬᠵᠢᠭᠤᠯᠬᠤ ᠳᠠᠭᠠᠨ ᠵᠤᠬᠢᠬᠤ ᠠᠷᠭ᠎ᠠ ᠪᠠᠷᠢᠯ ᠢ ᠠᠩᠬᠠᠷᠴᠦ᠂ ᠬᠡᠤᠬᠡᠳ ᠤᠨ | ᠰᠠᠶᠢᠨᠳᠠᠢ ᠲᠠᠯ᠎ᠠ ᠶᠢ ᠬᠡᠷ ᠤᠨ ᠠᠬᠠᠮᠠᠳ ᠨᠢ ᠦᠵᠡᠯ ᠰᠠᠨᠠᠭ᠎ᠠ ᠶᠢᠨ ᠲᠠᠯ᠎ᠠ ᠪᠠᠷ ᠵᠤᠷᠢᠬᠵᠢᠭᠤᠯᠵᠤ ᠱᠠᠩᠨᠠᠬᠤ ᠶᠢ ᠴᠢᠬᠤᠯᠠᠴᠢᠯᠠᠬᠤ ᠴᠢᠬᠤᠯᠠᠳᠠᠢ᠃ ᠡᠶᠢᠮᠤᠷᠬᠦ | ᠵᠤᠷᠢᠬᠵᠢᠭᠤᠯᠤᠯ ᠱᠠᠩᠨᠠᠯ ᠢ ᠪᠤᠳᠠᠳᠤ ᠬᠡᠷᠡᠭ ᠤᠴᠢᠷ ᠲᠠᠢ ᠤᠶᠠᠯᠳᠤᠭᠤᠯᠪᠠᠯ ᠬᠠᠮᠤᠭ ᠰᠠᠶᠢᠨ᠂ ᠬᠠᠷᠢᠨ ︽ᠴᠢ ᠦᠨᠡᠬᠡᠷ ᠰᠠᠶᠢᠨ︾ ᠬᠡᠵᠤ ᠲᠦᠬᠦᠮᠬᠡᠨ ᠬᠡᠯᠡᠬᠡᠳ | ᠦᠩᠬᠡᠷᠡᠴᠢᠬᠡᠵᠤ ᠪᠤᠯᠬᠤ ᠦᠬᠡᠢ᠃ ᠬᠡᠤᠬᠡᠳ ᠵᠦᠪ ᠠᠵᠢᠯᠯᠠᠭ᠎ᠠ ᠬᠢᠭᠰᠡᠨ ᠪᠤᠯ ᠴᠠᠭ ᠲᠠᠷᠤᠢ ᠳᠤᠨᠢ ᠵᠤᠷᠢᠬᠵᠢᠭᠤᠯᠤᠨ᠎ᠠ᠃ ᠢᠩᠬᠢᠪᠠᠯ ᠬᠡᠤᠬᠡᠳ ᠤᠨ ᠢᠳᠡᠬᠡᠯ ᠢ | ᠨᠡᠮᠡᠭᠳᠡᠬᠦᠯᠬᠦ ᠪᠠᠷ ᠪᠠᠷᠠᠬᠤ ᠦᠬᠡᠢ ᠨᠡᠩ ᠴᠢᠬᠤᠯᠠ ᠨᠢ ᠬᠡᠤᠬᠡᠳ ᠤᠨ ᠰᠡᠳᠬᠢᠯᠬᠡ ᠪᠠ ᠠᠵᠢᠯᠯᠠᠭ᠎ᠠ ᠳᠤ ᠦᠭᠬᠦᠭᠰᠡᠨ ᠨᠢᠬᠡ ᠵᠦᠢᠯ ᠤᠨ ᠢᠳᠡᠪᠬᠢ ᠳᠠᠭᠠᠭᠤᠯᠭ᠎ᠠ ᠮᠦᠨ᠃ | ᠬᠡᠤᠬᠡᠳ ᠠᠯᠳᠠᠭ᠎ᠠ ᠪᠤᠷᠤᠭᠤ ᠭᠠᠷᠭᠠᠭᠰᠠᠨ ᠦᠶ᠎ᠠ ᠳᠤ ᠶᠠᠯᠠᠯᠠᠵᠤ ᠪᠤᠯᠬᠤ ᠦᠬᠡᠢ ᠬᠡᠳᠡᠭ ᠨᠢ ᠬᠡᠷ ᠤᠨ ᠠᠬᠠᠮᠠᠳ ᠪᠤᠯᠤᠭᠰᠠᠳ ᠬᠡᠤᠬᠡᠳ ᠤᠨ ᠬᠡᠪ ᠤᠨ ᠪᠤᠰᠤ | ᠠᠵᠢᠯᠯᠠᠭ᠎ᠠ ᠶᠢ ᠤᠮᠳᠤᠭᠠᠶᠢᠢᠯᠠᠬᠤ ᠪᠤᠶᠤ ᠠᠭᠤᠴᠢᠯᠠᠵᠤ᠂ ᠠᠯᠳᠠᠭ᠎ᠠ ᠪᠤᠷᠤᠭᠤ ᠶᠢ ᠨᠢ ᠨᠡᠬᠡᠮᠵᠢᠯᠡᠬᠦ ᠪᠤᠶᠤ ᠬᠦᠨᠳᠤᠷᠠᠬᠦᠯᠬᠦ ᠦᠬᠡᠢ ᠪᠠᠶᠢᠬᠤ ᠶᠢ ᠵᠢᠭᠠᠵᠤ ᠪᠤᠢ᠃ | ᠡᠬᠦᠨ ᠤ ᠬᠠᠮᠳᠤ ᠬᠡᠷ ᠤᠨ ᠠᠬᠠᠮᠠᠳ ᠪᠠᠰᠠ ᠡᠷᠬᠡᠪᠰᠢ ᠦᠪᠡᠷ ᠤᠨ ᠰᠡᠳᠬᠢᠯᠬᠡ ᠪᠠᠨ ᠲᠤᠭᠳᠠᠭᠤᠨ ᠪᠠᠶᠢᠯᠭᠠᠬᠤ ᠶᠢ ᠪᠠᠳᠤᠯᠠᠵᠤ᠂ ᠬᠡᠤᠬᠡᠳ ᠲᠤ ᠵᠦᠪ | ᠪᠤᠷᠤᠭᠤ ᠶᠢ ᠲᠠᠨᠢᠬᠤ ᠠᠷᠭ᠎ᠠ ᠲᠠᠮ ᠪᠤᠶᠤ ᠵᠦᠪ ᠲᠠᠯ᠎ᠠ ᠶᠢᠨ ᠳᠠᠭᠠᠭᠤᠯᠭ᠎ᠠ ᠦᠭᠬᠦ ᠬᠡᠷᠡᠭᠳᠠᠢ᠃ ᠰᠤᠷᠭᠠᠭᠤᠯᠢ ᠶᠢᠨ ᠬᠦᠷᠢᠶᠡᠨ ᠳᠤ ᠪᠠᠭᠰᠢ ᠪᠤᠯᠤᠭᠰᠠᠳ ᠡᠷᠬᠡᠪᠰᠢ | ᠬᠡᠤᠬᠡᠳ ᠪᠠᠭᠠᠴᠤᠳ ᠤᠨ ᠪᠠᠶ᠎ᠠ ᠮᠠᠬᠠᠪᠤᠳ ᠪᠠ ᠪᠤᠳᠤᠯ ᠰᠡᠳᠬᠢᠯ ᠤᠨ ᠤᠨᠴᠠᠯᠢᠭ ᠢ ᠡᠵᠡᠮᠳᠡᠵᠤ᠂ ᠬᠡᠤᠬᠡᠳ ᠪᠠᠭᠠᠴᠤᠳ ᠤᠨ ᠪᠠᠶ᠎ᠠ ᠰᠡᠳᠬᠢᠯ ᠤᠨ ᠬᠦᠭᠵᠢᠯᠳᠡ ᠶᠢᠨ | ᠵᠢᠮ᠎ᠠ ᠬᠠᠤᠯᠢ ᠪᠠ ᠨᠠᠰᠤᠨ ᠳᠤ ᠦᠯᠦ ᠬᠦᠷᠦᠭᠰᠡᠳ ᠤᠨ ᠵᠠᠩ ᠰᠤᠷᠳᠠᠬᠤᠨ ᠢ ᠬᠦᠨᠳᠤᠳᠬᠡᠬᠦ ᠰᠠᠭᠤᠷᠢᠨ ᠲᠡᠬᠡᠷ᠎ᠠ ᠬᠡᠤᠬᠡᠳ ᠲᠤ ᠢᠳᠡᠬᠡᠯ ᠪᠠ ᠬᠦᠭᠵᠢᠯᠳᠡ ᠶᠢᠨ | ᠤᠷᠤᠨ ᠵᠠᠢ ᠬᠠᠩᠭᠠᠵᠤ ᠦᠭᠬᠦ ᠬᠡᠷᠡᠭᠳᠠᠢ᠃ ᠪᠠᠭᠰᠢ ᠪᠤᠯᠤᠭᠰᠠᠳ ᠬᠡᠷᠪᠡ ᠬᠡᠤᠬᠡᠳ ᠲᠤ ᠪᠦᠳᠦᠬᠦᠯᠢᠭ ᠬᠠᠨᠳᠤᠪᠠᠯ ᠪᠠᠭᠰᠢ ᠬᠦᠮᠦᠨ ᠤ ᠠᠵᠢᠯ ᠤᠨ ᠰᠤᠷᠳᠠᠯ ᠠᠴᠠ | ᠵᠦᠷᠢᠴᠡᠬᠦ ᠶᠢᠨ ᠬᠠᠮᠳᠤ ᠪᠠᠰᠠ ᠬᠡᠤᠬᠡᠳ ᠤᠨ ᠰᠡᠳᠬᠢᠯ ᠳᠠᠬᠢ ᠪᠠᠭᠰᠢ ᠬᠦᠮᠦᠨ ᠤ ᠲᠦᠷᠢ ᠲᠦᠷᠬᠦ ᠳᠤ ᠬᠦ᠋ ᠲᠦᠷᠬᠢᠳᠡᠭ᠃ ᠡᠬᠦᠨ ᠤ ᠤᠯᠠᠮ ᠢᠶᠠᠷ ᠬᠡᠤᠬᠡᠳ ᠪᠠᠭᠰᠢ | ᠪᠤᠯᠤᠭᠰᠠᠳ ᠢ ᠵᠢᠭᠰᠢᠬᠦ ᠪᠤᠶᠤ ᠡᠰᠡᠬᠦᠯ᠎ᠠ ᠪᠠᠭᠰᠢ ᠠᠴᠠ ᠠᠶᠤᠨ ᠡᠮᠢᠶᠡᠬᠦ ᠰᠦᠷᠳᠡᠬᠦᠯᠦᠯ ᠤᠨ ᠰᠡᠳᠬᠢᠴᠡ ᠲᠠᠢ ᠪᠤᠯᠵᠤ᠂ ᠰᠤᠷᠤᠯᠭ᠎ᠠ ᠶᠢ ᠵᠢᠭᠰᠢᠬᠦ ᠰᠡᠳᠬᠢᠯᠬᠡ ᠲᠠᠢ | ᠪᠤᠯᠤᠭᠠᠳ ᠢᠷᠡᠬᠡᠳᠤᠢ ᠶᠢᠨ ᠬᠦᠭᠵᠢᠯᠳᠡ ᠳᠤᠨᠢ ᠠᠰᠢᠭ ᠦᠬᠡᠢ ᠶᠤᠮ᠃ | | |