ᠨᠡᠩ ᠤᠯᠠᠨ ᠬᠡᠷ ᠤᠨ ᠠᠬᠠᠮᠠᠳ ᠤᠯᠠᠮ ᠢᠶᠠᠷ ᠬᠠᠷᠮᠠᠨ ᠤ ᠵᠤᠭᠤᠰ ᠢᠶᠠᠨ ᠬᠠᠷᠠᠮᠨᠠᠯ ᠦᠭᠡᠢ ᠪᠠᠷ ᠬᠡᠦᠭᠡᠳ ᠢᠶᠠᠨ ᠡᠯ᠎ᠡ ᠵᠦᠢᠯ ᠤᠨ ᠪᠤᠯᠪᠠᠰᠤᠷᠠᠯ ᠤᠨ | ᠠᠩᠬᠢ ᠳᠤ ᠬᠦᠷᠭᠡᠵᠦ ᠪᠤᠢ᠃ ᠲᠤᠰᠬᠠᠢ ᠮᠡᠷᠭᠡᠵᠢᠯᠳᠡᠨ ᠤ ᠵᠢᠭᠠᠵᠤ ᠭᠠᠷᠭᠠᠭᠰᠠᠨ ᠢᠶᠠᠷ᠂ ᠤᠯᠠᠩᠬᠢ ᠬᠡᠷ ᠤᠨ ᠠᠬᠠᠮᠠᠳ ᠬᠡᠦᠭᠡᠳ ᠤᠨ ᠰᠤᠷᠤᠯᠴᠠᠬᠤ ᠴᠢᠳᠠᠪᠤᠷᠢ ᠶᠢᠨ | ᠲᠤᠬᠠᠢ ᠵᠦᠪ ᠤᠨᠤᠪᠴᠢᠳᠠᠢ ᠤᠶᠢᠢᠯᠠᠭᠠᠬᠤ ᠦᠭᠡᠢ ᠠᠴᠠ ᠪᠤᠯᠵᠤ᠂ ᠶᠡᠷᠦᠳᠡᠭᠡᠨ ᠨᠡᠶᠢᠭᠡᠮ ᠲᠡᠭᠡᠷᠡᠬᠢ ᠨᠢᠭᠡᠳᠦᠯᠳᠡᠢ ︽ᠴᠢᠳᠠᠪᠤᠷᠢᠳᠠᠨ ᠤ ᠪᠠᠷᠢᠮᠵᠢᠶ᠎ᠠ︾ ᠪᠠᠷ | ᠬᠡᠦᠭᠡᠳ ᠢᠶᠠᠨ ᠠᠯᠪᠠᠳᠠᠨ ᠰᠤᠷᠭᠠᠵᠤ ᠪᠠᠶᠢᠳᠠᠭ᠂ ᠡᠬᠦᠨ ᠤ ᠳ᠋ᠦᠩ ᠳᠤ ᠬᠡᠦᠭᠡᠳ ᠤᠨ ᠦᠰᠦᠨ ᠪᠤᠶᠢᠵᠢᠯᠳᠠ ᠳᠤ ᠤᠯᠠᠨ ᠠᠰᠢᠭ ᠦᠭᠡᠢ ᠬᠢᠳᠡᠯ ᠢ ᠪᠤᠢ ᠪᠤᠯᠭᠠᠵᠤ | ᠪᠤᠢ᠃ | ᠪᠤᠷᠤᠭᠤ ᠲᠠᠨᠢᠯᠳᠠ ᠨᠢᠭᠡ᠄ ᠬᠡᠦᠭᠡᠳ ᠮᠡᠯᠡᠷᠡᠵᠦ ᠰᠠᠭᠤᠬᠤ ᠨᠢ ᠠᠰᠠᠭᠤᠳᠠᠯ ᠲᠠᠢ ᠭᠡᠬᠦ ᠤᠯᠠᠩᠬᠢ ᠬᠡᠷ ᠤᠨ ᠠᠬᠠᠮᠠᠳ ᠬᠡᠦᠭᠡᠳ ᠨᠢ ᠬᠡᠷ ᠲᠡᠭᠡᠨ ᠭᠠᠭᠴᠠᠭᠠᠷ | ᠰᠠᠭᠤᠵᠤ ᠶᠠᠭᠤ ᠴᠦ ᠬᠢᠬᠦ ᠦᠭᠡᠢ ᠪᠠᠷ ᠵᠦᠪᠬᠡᠨ ᠴᠤᠩᠬᠤᠨ ᠭᠠᠳᠠᠨᠡᠬᠢ ᠤᠭᠳᠠᠷᠭᠤᠢ ᠶᠢ ᠬᠠᠷᠠᠵᠤ ᠮᠡᠯᠡᠷᠡᠵᠦ ᠪᠠᠶᠢᠬᠤ ᠶᠢ ᠬᠠᠷᠠᠪᠠᠯ ᠶᠡᠷᠦᠳᠡᠭᠡᠨ ᠡᠨᠡ ᠬᠡᠦᠭᠡᠳ ᠶᠠᠮᠠᠷ | ᠠᠰᠠᠭᠤᠳᠠᠯ ᠲᠠᠢ ᠪᠤᠯᠪᠠᠤ ᠬᠡᠵᠦ ᠪᠤᠳᠤᠳᠠᠭ᠂ ᠡᠰᠡᠬᠦᠯ᠎ᠡ ᠴᠠᠭ ᠭᠠᠷᠤᠵᠠᠳᠠᠭᠤᠯᠵᠤ ᠪᠠᠶᠢᠨ᠎ᠠ ᠬᠡᠵᠦ ᠦᠵᠡᠳᠡᠭ᠃ ᠦᠨᠡᠨ ᠳᠡᠭᠡᠨ ᠬᠡᠦᠭᠡᠳ ᠮᠡᠯᠡᠷᠡᠵᠦ ᠰᠠᠭᠤᠬᠤ ᠨᠢ | ᠪᠠᠰᠠ ᠨᠢᠭᠡ ᠵᠦᠢᠯ ᠤᠨ ᠰᠤᠷᠤᠯᠴᠠᠯᠭ᠎ᠠ ᠮᠦᠨ᠃ ᠬᠡᠳᠦ᠋ᠢᠪᠡᠷ ᠦᠪᠡᠷ ᠲᠡᠭᠡᠨ ᠶᠠᠭᠤ ᠬᠢᠵᠦ ᠪᠠᠶᠢᠬᠤ ᠪᠠᠨ ᠮᠡᠳᠡᠬᠦ ᠦᠭᠡᠢ ᠪᠤᠯᠪᠠᠴᠤ ᠲᠡᠷᠡ ᠨᠢ ᠮᠦᠨ ᠨᠢᠭᠡ | ᠵᠦᠢᠯ ᠤᠨ ᠰᠤᠷᠤᠯᠴᠠᠯᠭ᠎ᠠ ᠶᠢᠨ ᠪᠠᠶᠢᠳᠠᠯ ᠳᠤ ᠤᠷᠤᠰᠢᠵᠤ ᠪᠠᠶᠢᠳᠠᠭ᠃ ᠰᠤᠷᠤᠯᠴᠠᠯᠭ᠎ᠠ ᠳᠤ ︽ᠢᠯᠡᠷᠡᠬᠦᠢ ᠰᠤᠷᠤᠯᠴᠠᠯᠭ᠎ᠠ︾ ᠬᠢᠭᠡᠳ ︽ᠨᠢᠭᠤᠬᠳᠠᠬᠤᠢ | ᠰᠤᠷᠤᠯᠴᠠᠯᠭ᠎ᠠ︾ ᠬᠡᠵᠦ ᠪᠤᠢ᠂ ᠡᠮᠦᠨᠡᠬᠢ ᠨᠢ ᠠᠩᠭ᠍ᠯᠢ ᠬᠡᠯᠡᠨ ᠤ ᠰᠤᠷᠤᠯᠴᠠᠯᠭ᠎ᠠ᠂ ᠮᠡᠷᠭᠡᠵᠢᠯ ᠤᠨ ᠰᠤᠷᠤᠯᠴᠠᠯᠭ᠎ᠠ ᠵᠡᠷᠭᠡ ᠪᠤᠯ᠂ ᠬᠤᠶᠢᠨᠠᠬᠢ ᠨᠢ ᠬᠠᠷᠢᠨ ᠰᠠᠨᠠᠮᠰᠠᠷ | ᠦᠭᠡᠢ ᠰᠤᠷᠤᠯᠴᠠᠯᠭ᠎ᠠ ᠪᠤᠯᠤᠨ᠎ᠠ᠃ ᠪᠢᠳᠡᠡ ᠤ ᠦᠵᠡᠬᠦ ᠪᠠᠷ ᠪᠢᠳᠡ ᠶᠠᠭᠤ ᠴᠦ ᠪᠤᠳᠤᠵᠤ ᠦᠭᠡᠢ ᠰᠢᠭ ᠪᠤᠯᠪᠠᠴᠤ ᠬᠦᠮᠦᠨ ᠤ ᠲᠠᠷᠢᠬᠢ ᠮᠦᠨ ᠬᠦ ᠵᠠᠷᠢᠮ ᠮᠡᠳᠡᠭᠡ | ᠵᠠᠩᠬᠢ ᠶᠢ ᠬᠠᠳᠠᠭᠠᠯᠠᠬᠤ᠂ ᠡᠮᠬᠢᠳᠭᠡᠬᠦ ᠪᠠ ᠪᠤᠯᠪᠠᠰᠤᠷᠠᠭᠤᠯᠬᠤ ᠪᠠᠶᠢᠳᠠᠯ ᠳᠤ ᠤᠷᠤᠰᠢᠵᠤ ᠪᠠᠶᠢᠳᠠᠭ᠂ ᠲᠡᠷᠡ ᠨᠢ ᠵᠦᠪᠬᠡᠨ ᠵᠤᠷᠢᠯᠭ᠎ᠠ ᠲᠠᠢ ᠴᠢᠷᠮᠠᠶᠢᠨ ᠬᠢᠵᠦ ᠪᠠᠶᠢᠭ᠎ᠠ | ᠪᠢᠰᠢ ᠲᠡᠳᠦᠢ᠃ | ᠪᠤᠷᠤᠭᠤ ᠲᠠᠨᠢᠯᠳᠠ ᠬᠤᠶᠠᠷ᠄ ᠤᠢ ᠪᠢᠯᠢᠭ ᠤᠨ ᠰᠢᠯᠭᠠᠨ ᠬᠡᠮᠵᠢᠯᠳᠡ ᠶᠢ ᠰᠤᠬᠤᠷ ᠪᠠᠯᠠᠢ ᠪᠠᠷ ᠢᠳᠡᠭᠡᠬᠦ ᠶᠤᠸᠠᠨ ᠶᠤᠸᠠᠨ 3 ᠨᠠᠰᠤᠯᠠᠪᠠ᠂ ᠦᠭᠡ ᠬᠡᠯᠡᠬᠦ᠂ | ᠬᠦᠳᠡᠯᠭᠡᠭᠡᠨ ᠬᠢᠬᠦ᠂ ᠬᠡᠦᠭᠡᠳ ᠤᠨ ᠲᠠᠭᠤᠤ ᠰᠢᠯᠦᠭ ᠴᠡᠭᠡᠵᠢᠯᠡᠬᠦ᠂ ᠲᠤᠭ᠎ᠠ ᠲᠤᠭᠠᠯᠠᠬᠤ ᠵᠡᠷᠭᠡ ᠲᠠᠯ᠎ᠠ ᠪᠠᠷ ᠠᠳᠠᠯᠢ ᠨᠠᠰᠤᠨ ᠤ ᠬᠡᠦᠭᠡᠳ ᠲᠤ ᠬᠦᠷᠬᠦ ᠦᠭᠡᠢ ᠰᠢᠭ᠃ | ᠡᠵᠢ ᠨᠢ ᠶᠤᠸᠠᠨ ᠶᠤᠸᠠᠨ ᠢ ᠲᠠᠭᠠᠭᠤᠯᠵᠤ ᠤᠢ ᠪᠢᠯᠢᠭ ᠤᠨ ᠰᠢᠯᠭᠠᠨ ᠬᠡᠮᠵᠢᠯᠳᠡ ᠬᠢᠯᠭᠡᠪᠡ᠃ ᠠᠷᠠᠢ ᠴᠢᠮᠠᠢ ᠤᠯᠤᠭᠰᠠᠨ ᠰᠢᠯᠭᠠᠨ ᠬᠡᠮᠵᠢᠯᠳᠡ ᠶᠢᠨ ᠦᠷ᠎ᠡ ᠳ᠋ᠦᠩ ᠢ | ᠬᠠᠷᠠᠭᠠᠳ ᠶᠤᠸᠠᠨ ᠶᠤᠸᠠᠨ ᠤ ᠡᠵᠢ ᠨᠢ ᠲᠤᠩ ᠵᠤᠪᠠᠨᠢᠪᠠ᠃ ᠲᠤᠰᠬᠠᠢ ᠮᠡᠷᠭᠡᠵᠢᠯᠳᠡᠨ ᠤ ᠵᠢᠭᠠᠵᠤ ᠭᠠᠷᠭᠠᠭᠰᠠᠨ ᠢᠶᠠᠷ᠂ ᠤᠢ ᠪᠢᠯᠢᠭ ᠤᠨ ᠰᠢᠯᠭᠠᠨ ᠪᠠᠶᠢᠴᠠᠭᠠᠯᠲᠠ ᠨᠢ | ᠵᠦᠪᠬᠡᠨ ᠬᠡᠦᠭᠡᠳ ᠤᠨ ᠵᠠᠷᠢᠮ ᠲᠠᠯ᠎ᠠ ᠶᠢᠨ ᠴᠢᠳᠠᠪᠤᠷᠢ ᠶᠢ ᠬᠡᠮᠵᠢᠵᠦ ᠭᠠᠷᠬᠤ ᠲᠡᠳᠦᠢ᠃ ᠬᠡᠷᠪᠡ ᠡᠨᠡᠬᠦ ᠬᠤᠪᠢ ᠶᠢ ᠦᠨᠳᠦᠰᠦᠯᠡᠵᠦ ᠭᠡᠦᠭᠡᠳ ᠢ ᠪᠢᠳᠠᠭᠤ | ᠤᠳᠠᠭᠠᠨ ᠢᠶᠠᠷ ᠦᠵᠡᠬᠦ ᠨᠢ ᠬᠡᠦᠭᠡᠳ ᠤᠨ ᠪᠤᠰᠤᠳ ᠲᠠᠯ᠎ᠠ ᠶᠢᠨ ᠴᠢᠳᠠᠪᠤᠷᠢ ᠶᠢᠨ ᠬᠦᠭᠵᠢᠯᠳᠡ ᠶᠢ ᠨᠦᠯᠦᠭᠡᠯᠡᠵᠦ᠂ ᠬᠡᠦᠭᠡᠳ ᠤᠨ ᠦᠰᠦᠨ ᠪᠤᠶᠢᠵᠢᠯᠳᠠ ᠶᠢ | ᠬᠠᠷᠰᠢᠯᠠᠬᠤ ᠪᠤᠯᠤᠨ᠎ᠠ ᠬᠡᠵᠡᠢ᠃ ᠤᠳᠤᠬᠠᠨ ᠤ ᠮᠠᠰᠢ ᠤᠯᠠᠨ ᠤᠢ ᠪᠢᠯᠢᠭ ᠤᠨ ᠰᠢᠯᠭᠠᠨ ᠬᠡᠮᠵᠢᠯᠳᠡ ᠨᠢ ᠰᠡᠳᠬᠢᠴᠡ ᠶᠢᠨ ᠤᠬᠠᠭᠠᠨ ᠤ ᠪᠤᠳᠠᠳᠠᠢ ᠬᠦᠭᠵᠢᠯᠳᠡ ᠠᠴᠠ | ᠬᠤᠴᠤᠷᠴᠤ ᠵᠦᠪᠬᠡᠨ ᠬᠡᠦᠭᠡᠳ ᠤᠨ ᠬᠡᠰᠡᠭ ᠴᠢᠳᠠᠪᠤᠷᠢ ᠶᠢ ᠬᠡᠮᠵᠢᠵᠦ ᠲᠡᠶᠢᠯᠬᠦ ᠪᠤᠯᠬᠤᠷ ᠲᠡᠷᠡ ᠨᠢ ᠦᠨᠡᠨ ᠳᠡᠭᠡᠨ ᠬᠡᠦᠭᠡᠳ ᠤᠨ ᠪᠤᠰᠤᠳ ᠲᠠᠯ᠎ᠠ ᠶᠢᠨ | ᠴᠢᠳᠠᠪᠤᠷᠢ ᠶᠢᠨ ᠬᠦᠭᠵᠢᠯᠳᠡ ᠶᠢ ᠬᠠᠷᠰᠢᠯᠠᠵᠤ ᠮᠡᠳᠡᠨ᠎ᠡ᠃ | ᠪᠤᠷᠤᠭᠤ ᠲᠠᠨᠢᠯᠳᠠ ᠭᠤᠷᠪᠠ᠄ ︽ᠤᠳᠠᠭᠠᠨ ᠬᠡᠦᠭᠡᠳ︾ ᠪᠤᠯ ︽ᠪᠢᠳᠠᠭᠤ ᠬᠡᠦᠭᠡᠳ︾ ᠭᠡᠬᠦ ︽ᠤᠳᠠᠭᠠᠨ ᠬᠡᠦᠭᠡᠳ︾ ᠶᠠᠭᠤᠮ᠎ᠠ ᠰᠤᠷᠬᠤ ᠳᠤ ᠪᠤᠰᠤᠳ | ᠬᠡᠦᠭᠡᠳ ᠠᠴᠠ ᠤᠳᠠᠭᠠᠨ᠂ ᠰᠢᠨ᠎ᠡ ᠤᠷᠴᠢᠨ ᠳᠤ ᠵᠤᠬᠢᠴᠠᠬᠤ ᠳᠤ ᠬᠡᠷᠡᠭᠰᠡᠬᠦ ᠴᠠᠭ ᠨᠢ ᠤᠷᠳᠤ᠃ ᠡᠳᠡᠭᠡᠷ ᠨᠢ ᠪᠦᠷ ᠬᠡᠷ ᠤᠨ ᠠᠬᠠᠮᠠᠳ ᠪᠤᠶᠤ ᠪᠠᠭᠰᠢ ᠳᠤ ︽ | ᠪᠢᠳᠠᠭᠤ︾ ᠬᠡᠬᠦ ᠲᠦᠷᠦᠭᠳᠡᠯ ᠦᠭᠳᠡᠭ᠃ ᠲᠤᠰᠬᠠᠢ ᠮᠡᠷᠭᠡᠵᠢᠯᠳᠡᠨ ᠤ ᠵᠢᠭᠠᠵᠤ ᠭᠠᠷᠭᠠᠭᠰᠠᠨ ᠢᠶᠠᠷ᠂ ᠡᠳᠡᠭᠡᠷ ᠪᠤᠯ ᠬᠡᠦᠭᠡᠳ ᠤᠨ ᠵᠤᠬᠢᠴᠠᠬᠤ ᠴᠢᠳᠠᠪᠤᠷᠢ ᠲᠤᠤᠷ᠎ᠠ | ᠪᠠᠶᠢᠬᠤ ᠶᠢᠨ ᠢᠯᠡᠷᠡᠯ ᠮᠦᠨ᠂ ᠬᠡᠪᠡᠴᠦ ᠲᠡᠷᠡ ᠨᠢ ᠬᠡᠦᠭᠡᠳ ᠤᠨ ᠴᠢᠳᠠᠪᠤᠷᠢ ᠪᠤᠯᠬᠤ ᠦᠭᠡᠢ ᠬᠡᠰᠡᠨ ᠪᠢᠰᠢ᠂ ᠲᠡᠷᠡ ᠨᠢ ᠵᠦᠪᠬᠡᠨ ᠬᠡᠦᠭᠡᠳ ᠤᠨ ᠨᠢᠭᠡ ᠵᠦᠢᠯ ᠤᠨ | ᠠᠵᠢᠯᠯᠠᠭᠠᠨ ᠤ ᠬᠡᠯᠪᠡᠷᠢ ᠲᠡᠳᠦᠢ᠃ ︽ᠤᠳᠠᠭᠠᠨ ᠬᠡᠦᠭᠡᠳ︾ ᠨᠢᠭᠡ ᠪᠠᠳᠠᠭ ᠰᠢᠯᠦᠭ ᠰᠤᠷᠬᠤ ᠳᠤ ᠤᠳᠠᠭᠠᠨ ᠰᠢᠭ᠋ ᠪᠤᠯᠪᠠᠴᠤ ᠶᠡᠷᠦᠳᠡᠭᠡᠨ ᠪᠠᠬᠢ᠂ ᠤᠳᠠᠭᠠᠨ | ᠴᠡᠭᠡᠵᠢᠯᠡᠳᠡᠭ᠃ ᠡᠨᠡ ᠪᠤᠯ ᠲᠡᠳᠡᠨ ᠤ ᠶᠠᠭᠤᠮ᠎ᠠ ᠰᠤᠷᠬᠤ ᠨᠢᠭᠡ ᠵᠦᠢᠯ ᠤᠨ ᠲᠠᠳᠬᠠᠯ ᠤᠨ ᠬᠡᠯᠪᠡᠷᠢ ᠪᠤᠯᠤᠨ᠎ᠠ ᠬᠡᠵᠡᠢ᠃ | |