ᠬᠠᠳᠬᠤᠮᠠᠯ ᠤᠷᠠᠯᠢᠭ ᠨᠢ ᠨᠠᠷᠢᠯᠢᠭ ᠤᠷᠠᠯᠠᠯ ᠪᠠ ᠪᠠᠶᠠᠯᠢᠭ ᠰᠣᠶᠣᠯ ᠤᠨ ᠠᠭᠤᠯᠤᠭᠳᠠᠬᠤᠨ ᠢᠶᠠᠷ ︽ᠳᠠᠭᠤᠨ ᠦᠭᠡᠢ ᠰᠢᠯᠦᠭ᠂ ᠪᠡᠶᠡᠲᠦ ᠵᠢᠷᠤᠭ︾ ᠭᠡᠰᠡᠨ | ᠰᠠᠶᠢᠬᠠᠨ ᠠᠯᠳᠠᠷ ᠲᠠᠢ ᠪᠢᠯᠡ᠃ ᠤᠶᠢᠷ᠎ᠠ ᠳᠤ᠂ ᠤᠲᠤᠭ ᠬᠤᠰᠢᠭᠤᠨ ᠤ ᠰᠦᠮᠡᠳᠦ ᠰᠤᠮᠤᠨ ᠤ ᠪᠤᠳᠠᠰ ᠤᠨ ᠪᠤᠰᠤ ᠰᠤᠶᠤᠯ ᠤᠨ ᠦᠪ ᠤᠨ ᠤᠯᠠᠮᠵᠢᠯᠠᠭᠴᠢ | ᠴᠠᠭᠠᠨᠳᠡᠭᠳᠡᠭᠡ ᠨᠠᠰᠤᠲᠠᠨ ︽ᠵᠠᠩᠭᠠᠷ︾ ᠤᠨ ᠠᠷᠪᠠᠨ ᠬᠤᠶᠠᠷ ᠪᠠᠭᠠᠲᠤᠷ ᠤᠨ ᠮᠠᠭᠳᠠᠭᠠᠯ ᠢ ᠲᠤᠷᠭᠠᠨ ᠳᠡᠭᠡᠷ᠎ᠡ ᠤᠷᠠᠯᠠᠨ ᠬᠠᠳᠬᠤᠵᠤ᠂ ᠪᠤᠳᠠᠰ ᠤᠨ ᠪᠤᠰᠤ | ᠰᠤᠶᠤᠯ ᠤᠨ ᠦᠪ ᠲᠤ ᠰᠢᠨ᠎ᠡ ᠠᠮᠢᠵᠢᠷᠠᠯ ᠤᠨ ᠬᠦᠴᠦᠨ ᠤᠯᠭᠤᠭᠰᠠᠨ ᠮᠦᠷᠳᠡᠭᠡᠨ ᠤᠮᠠᠷᠠᠲᠤ ᠬᠢᠯᠢ ᠶᠢᠨ ᠰᠤᠶᠤᠯ ᠢ ᠤᠯᠠᠮᠵᠢᠯᠠᠨ ᠬᠦᠭᠵᠢᠬᠦᠯᠬᠦ ᠳᠤ ᠰᠢᠨ᠎ᠡ | ᠰᠡᠳᠬᠢᠮᠵᠢ ᠬᠠᠩᠭᠠᠵᠠᠢ᠃ | ︽ᠵᠠᠩᠭᠠᠷ︾ ᠤᠨ ᠠᠷᠪᠠᠨ ᠬᠤᠶᠠᠷ ᠪᠠᠭᠠᠲᠤᠷ ᠪᠤᠯ ᠭᠡᠷ ᠣᠷᠣᠨ ᠢᠶᠠᠨ ᠬᠠᠮᠠᠭᠠᠯᠠᠬᠤ ᠶᠢᠨ ᠲᠥᠯᠥᠭᠡ᠂ ᠬᠠᠷᠭᠢᠰ ᠬᠦᠴᠦᠨ ᠲᠠᠢ ᠰᠢᠳᠤᠷᠭᠤ ᠲᠡᠮᠡᠴᠡᠯ ᠬᠢᠵᠦ | ᠢᠯᠠᠯᠲᠠ ᠣᠯᠤᠭᠰᠠᠨ ᠦᠯᠢᠭᠡᠷ ᠢ ᠲᠡᠮᠳᠡᠭᠯᠡᠭᠰᠡᠨ ᠲᠡᠤᠬᠡᠳᠦ ᠱᠠᠰᠳᠢᠷ ᠪᠤᠯᠤᠨ᠎ᠠ᠂ ᠲᠡᠬᠦᠨ ᠳᠤ ᠡᠬᠡ ᠣᠷᠣᠨᠴᠢ ᠦᠵᠡᠯ ᠪᠣᠯᠤᠨ ᠪᠦᠯᠬᠦᠮᠳᠡᠨ ᠲᠡᠮᠡᠴᠡᠬᠦ ᠵᠣᠷᠢᠭ | ᠰᠠᠨᠠᠭ᠎ᠠ ᠶᠢ ᠬᠦᠨᠵᠡᠬᠡᠢ ᠲᠤᠰᠬᠠᠵᠤ᠂ ᠮᠠᠰᠢ ᠥᠨᠳᠥᠷ ᠤᠷᠠᠯᠢᠭ ᠤᠨ ᠦᠨ᠎ᠡ ᠥᠷᠲᠡᠭ ᠲᠠᠢ ᠶᠤᠮ᠃ 2006 ᠣᠨ ᠤ ︽ᠵᠠᠩᠭᠠᠷ︾ ᠨᠢ ᠨᠢᠭᠡᠳᠦᠭᠡᠷ ᠪᠦᠯᠦᠭ ᠤᠨ | ᠤᠯᠤᠰ ᠤᠨ ᠳᠡᠰ ᠤᠨ ᠪᠣᠳᠠᠰ ᠤᠨ ᠪᠤᠰᠤ ᠰᠣᠶᠣᠯ ᠤᠨ ᠥᠪ ᠤᠨ ᠨᠡᠷᠡᠰ ᠲᠤ ᠵᠢᠭᠰᠠᠭᠠᠭᠳᠠᠪᠠ᠃ | 2019 ᠣᠨ ᠤ 9 ᠰᠠᠷ᠎ᠠ ᠳᠤ᠂ ᠶᠡᠷᠦᠩᠬᠡᠶ ᠱᠦᠵᠢ ᠰᠢ ᠶᠢᠨ ᠫᠢᠩ ᠪᠦᠬᠦ ᠤᠯᠤᠰ ᠤᠨ ᠦᠨᠳᠦᠰᠦᠳᠡᠨ ᠤ ᠪᠦᠯᠬᠦᠮᠳᠠᠯ ᠲᠠᠪᠰᠢᠯᠳᠠ ᠶᠢᠨ ᠬᠦᠬᠢᠬᠦᠯᠦᠨ | ᠱᠠᠩᠨᠠᠬᠤ ᠶᠡᠭᠡ ᠬᠤᠷᠠᠯ ᠳᠡᠭᠡᠷ᠎ᠡ ︽ᠵᠠᠩᠭᠠᠷ︾ ᠪᠠᠷ ᠡᠰᠢᠯᠡᠵᠦ᠂ ᠳᠤᠮᠳᠠᠳᠤ ᠶᠢᠨ ᠰᠤᠶᠤᠯ ᠤᠨ ᠬᠡᠷᠡᠯ ᠬᠢᠯᠠᠯᠵᠠᠮ᠎ᠠ ᠬᠦᠭᠵᠢᠯᠳᠡ ᠶᠢ ᠶᠠᠷᠢᠭᠰᠠᠨ ᠨᠢ ᠴᠠᠭᠠᠨᠳᠡᠭᠳᠡᠭᠡ | ᠨᠠᠰᠤᠳᠠᠨ ᠤ ᠡᠭᠦᠳᠦᠨ ᠪᠦᠲᠦᠭᠡᠬᠦ ᠡᠷᠴᠢ ᠵᠤᠷᠢᠭ ᠢ ᠨᠢ ᠬᠦᠪᠴᠢᠯᠡᠵᠦ᠂ ᠣᠯᠠᠨ ᠵᠢᠯ ᠤᠨ ᠰᠤᠳᠤᠯᠭ᠎ᠠ ᠦᠢᠯᠡᠳᠦᠯᠭᠡ ᠪᠠᠷ ᠳᠠᠮᠵᠢᠨ ᠦᠨᠤ ᠵᠢᠯ ᠤᠨ ᠡᠬᠢᠨ ᠳᠤ ︽ | ᠵᠠᠩᠭᠠᠷ︾ ᠤᠨ ᠠᠷᠪᠠᠨ ᠬᠤᠶᠠᠷ ᠪᠠᠭᠠᠲᠤᠷ ᠤᠨ ᠮᠠᠭᠲᠠᠭᠠᠯ ᠢ ᠲᠤᠷᠭᠠᠨ ᠲᠡᠭᠡᠷ᠎ᠡ ᠬᠠᠳᠬᠤᠵᠦ ᠡᠬᠢᠯᠡᠭᠰᠡᠨ ᠪᠦᠬᠡᠳ ᠲᠤᠯᠤᠭᠠᠨ ᠰᠠᠷ᠎ᠠ ᠭᠠᠷᠤᠢ ᠶᠢᠨ ᠴᠠᠭ ᠢ | ᠵᠠᠷᠤᠴᠠᠭᠤᠯᠤᠨ 5 . 23 ᠮᠧᠲᠷ ᠤᠷᠳᠤ᠂ 0.37 ᠮᠧᠲᠷ ᠦᠷᠬᠡᠨ ᠪᠦᠳᠦᠬᠡᠯ ᠢᠶᠠᠨ ᠬᠠᠳᠬᠤᠵᠦ ᠭᠠᠷᠭᠠᠭᠰᠠᠨ ᠪᠠᠶᠢᠨ᠎ᠠ᠃ | ᠬᠠᠳᠬᠤᠬᠤ ᠶᠠᠪᠤᠴᠠ ᠳᠤ᠂ ᠴᠠᠭᠠᠨᠳᠡᠭᠳᠡᠭᠡ ᠨᠠᠰᠤᠳᠠᠨ ᠨᠠᠷᠢᠨ ᠰᠣᠩᠭᠤᠵᠤ ᠨᠢᠮᠪᠠᠢ ᠲᠦᠯᠦᠪᠯᠡᠨ᠂ ᠴᠠᠭᠠᠨ ᠪᠠ ᠰᠢᠷ᠎ᠠ ᠥᠩᠭᠡ ᠶᠢᠨ ᠤᠳᠠᠰᠤ ᠪᠠᠷ ᠪᠠᠳᠠᠭ | ᠠᠯᠤᠰᠯᠠᠨ ᠬᠠᠳᠬᠤᠭᠰᠠᠨ ᠨᠢ ᠪᠦᠲᠦᠭᠡᠯ ᠤᠨ ᠪᠦᠬᠦᠯᠢ ᠴᠤᠭᠴᠠ ᠶᠢᠨ ᠦᠵᠡᠮᠤᠷᠢ ᠶᠢ ᠨᠡᠩ ᠰᠠᠶᠢᠬᠠᠨ ᠪᠤᠯᠭᠠᠵᠦ᠂ ᠦᠰᠦᠭ ᠤᠨ ᠲᠢᠭ ᠨᠠᠩ ᠲᠣᠳᠣᠷᠬᠠᠶ ᠬᠠᠷᠠᠭᠳᠠᠬᠤ | ᠪᠤᠯᠵᠠᠢ᠃ ᠶᠠᠭᠠᠬᠢᠭᠠᠳ ᠴᠠᠭᠠᠨ ᠰᠢᠷ᠎ᠡ ᠦᠩᠭᠡ ᠪᠠᠷ ᠬᠠᠳᠬᠤᠭᠰᠠᠨ ᠲᠤᠬᠠᠢ ᠤᠴᠢᠷᠯᠠᠪᠠᠯ᠂ ᠴᠠᠭᠠᠨ ᠦᠩᠭᠡ ᠨᠢ ᠡᠬᠡᠯ ᠪᠤᠷᠤᠭᠵᠢᠭᠤᠨ᠂ ᠲᠥᠪ ᠴᠢᠬᠡᠴᠢ ᠶᠢ | ᠲᠦᠯᠦᠬᠡᠯᠡᠵᠦ᠂ ᠰᠢᠷ᠎ᠠ ᠦᠩᠭᠡ ᠨᠢ ᠬᠦᠰᠡᠯ ᠡᠷᠡᠮᠡᠯᠵᠡᠯ ᠪᠠ ᠠᠮᠢᠵᠢᠷᠠᠯ ᠤᠨ ᠬᠦᠴᠦᠨ ᠢ ᠲᠦᠯᠦᠬᠡᠯᠡᠳᠡᠭ ᠠᠴᠠ ᠪᠤᠯᠤᠭᠰᠠᠨ ᠬᠡᠨ᠎ᠡ᠃ | ᠴᠠᠭᠠᠨᠳᠡᠭᠳᠡᠭᠡ ᠨᠠᠰᠤᠳᠠᠨ᠄ ︽ᠵᠠᠩᠭᠠᠷ︾ ᠤᠨ ᠠᠷᠪᠠᠨ ᠬᠤᠶᠠᠷ ᠪᠠᠭᠠᠲᠤᠷ ᠢ ᠤᠷᠠᠯᠠᠵᠦ ᠬᠠᠳᠬᠤᠬᠤ ᠳᠤ ᠭᠠᠷ ᠤᠨ ᠬᠤᠷᠤᠭᠤ ᠪᠦᠷ ᠡᠪᠡᠷᠰᠢᠶᠡᠵᠡᠢ᠂ ᠬᠡᠪᠡᠴᠦ | ᠪᠦᠳᠦᠬᠡᠯ ᠢᠶᠠᠨ ᠦᠵᠡᠬᠦ ᠪᠦᠷᠢ ᠰᠡᠳᠬᠢᠯ ᠬᠠᠨᠤᠮᠰᠢᠨ ᠰᠡᠳᠬᠢᠯ ᠲᠡᠨᠡᠶᠢᠳᠡᠭ᠂ ᠤᠴᠢᠷ ᠨᠢ ᠪᠢ ᠦᠪ ᠰᠣᠶᠣᠯ ᠢᠶᠠᠨ ᠤᠯᠠᠮᠵᠢᠯᠠᠨ ᠬᠦᠭᠵᠢᠬᠦᠯᠬᠦ ᠳᠤ ᠬᠤᠪᠢ ᠨᠡᠮᠡᠷᠢ | ᠦᠵᠡᠭᠦᠯᠵᠦ ᠪᠠᠶᠢᠨ᠎ᠠ᠃ ᠬᠤᠶᠢᠰᠢᠳᠠ ᠬᠠᠳᠬᠤᠮᠠᠯ ᠤᠷᠠᠯᠢᠭ ᠢᠶᠠᠨ ᠦᠷᠭᠦᠯᠵᠢᠯᠡᠨ ᠬᠢᠬᠦ ᠪᠠᠷ ᠪᠠᠷᠠᠬᠤ ᠦᠬᠡᠢ᠂ ᠡᠨᠡᠭᠦ ᠤᠷᠠᠯᠢᠭ ᠲᠤ ᠪᠠᠭ᠋ᠠᠳᠠᠢ ᠬᠦᠮᠦᠰ ᠡᠷᠢᠬᠡᠳ | ᠢᠷᠡᠪᠡᠯ᠂ ᠦᠪᠡᠷ ᠤᠨ ᠴᠦ ᠪᠤᠯᠤᠭ᠂ ᠬᠦᠮᠦᠨ ᠤ ᠴᠦ ᠪᠤᠯᠤᠭ᠂ ᠰᠠᠶᠢᠬᠠᠨ ᠵᠢᠭᠠᠭᠠᠳ ᠦᠭᠭᠦᠶ᠎ᠡ᠂ ᠬᠢᠳᠡᠭ ᠬᠦᠮᠦᠨ ᠠᠷᠪᠢᠨ ᠪᠤᠯᠪᠠᠯ ᠬᠠᠳᠬᠤᠬᠤ ᠴᠢᠨᠠᠷ ᠴᠢᠨᠰᠠᠭ᠎ᠠ | ᠲᠡᠭᠡᠭᠰᠢᠯᠡᠵᠦ᠂ ᠬᠠᠳᠬᠤᠮᠠᠯ ᠤᠷᠠᠯᠢᠭ ᠨᠡᠩ ᠰᠠᠶᠢᠨ ᠬᠦᠭᠵᠢᠵᠦ ᠴᠢᠳᠠᠨ᠎ᠠ ᠬᠡᠵᠦ ᠶᠠᠷᠢᠵᠦ ᠭᠠᠷᠤᠨ᠎ᠠ᠃ | | ᠰᠣᠷᠪᠤᠯᠵᠢᠯᠠᠬᠴᠢ᠄ ᠪᠠᠢ ᠰᠠᠶᠢᠨᠪᠢᠯᠢᠭ᠌ ᠡᠷᠳᠡᠨᠢᠲᠠᠨ᠎ᠠ |