ᠪᠥᠬᠦ ᠬᠤᠰᠢᠭᠤᠨ ᠤ ᠬᠤᠳᠠᠯᠳᠤᠭ᠎ᠠ ᠡᠷᠬᠢᠯᠡᠬᠦ ᠣᠷᠴᠢᠨ ᠨᠥᠬᠦᠴᠡᠯ ᠢ ᠰᠢᠯᠢᠳᠡᠭᠵᠢᠭᠦᠯᠬᠦ ᠠᠵᠢᠯ ᠢ ᠠᠬᠢᠭᠤᠯᠬᠤ ᠬᠤᠷᠠᠯ ᠬᠤᠷᠠᠯᠳᠤᠪᠠ
ᠨᠡᠶᠢᠲᠡᠯᠡᠭᠰᠡᠨ ᠴᠠᠭ᠄
2024/10/18
      10 ᠳ᠋ᠤᠭᠠᠷ ᠰᠠᠷ᠎ᠠ ᠶᠢᠨ 16 ᠤ ᠡᠳᠦᠷ᠂ ᠪᠥᠬᠦ ᠬᠤᠰᠢᠭᠤᠨ ᠤ ᠬᠤᠳᠠᠯᠳᠤᠭ᠎ᠠ ᠡᠷᠬᠢᠯᠡᠬᠦ ᠣᠷᠴᠢᠨ ᠨᠥᠬᠦᠴᠡᠯ ᠢ ᠰᠢᠯᠢᠳᠡᠭᠵᠢᠭᠦᠯᠬᠦ ᠠᠵᠢᠯ ᠢ ᠠᠬᠢᠭᠤᠯᠬᠤ ᠬᠤᠷᠠᠯ ᠬᠤᠷᠠᠯᠳᠤᠵᠤ᠂ ᠬᠤᠰᠢᠭᠤ ᠨᠠᠮ ᠤᠨ ᠬᠤᠷᠢᠶᠠᠨ ᠤ ᠳᠡᠳ᠋ ᠱᠦᠵᠢ᠂ ᠵᠠᠰᠠᠭ ᠤᠨ ᠣᠷᠳᠣᠨ ᠤ ᠬᠤᠰᠢᠭᠤ ᠳᠠᠷᠤᠭ᠎ᠠ ᠰᠣ᠋ ᡁᠢ ᠰᠢᠶᠦ᠋ᠡᠭ ᠬᠤᠷᠠᠯ ᠳᠤ ᠣᠷᠣᠯᠴᠠᠵᠤ ᠶᠠᠷᠢᠶ᠎ᠠ ᠲᠠᠯᠪᠢᠨ᠂ ᠬᠤᠰᠢᠭᠤ ᠨᠠᠮ ᠤᠨ ᠬᠤᠷᠢᠶᠠᠨ ᠤ ᠪᠠᠶᠢᠩᠭᠤ ᠶᠢᠨ ᠭᠡᠰᠢᠭᠦᠨ᠂ ᠵᠠᠰᠠᠭ ᠤᠨ ᠣᠷᠳᠣᠨ ᠤ ᠬᠤᠰᠢᠭᠤ ᠳᠡᠳ᠋ ᠳᠠᠷᠤᠭ᠎ᠠ ᠰᠢᠦᠢ ᠷᠦᠢ ᠹᠧᠩ ᠬᠤᠷᠠᠯ  ᠡᠷᠬᠢᠯᠡᠵᠦ᠂ ᠬᠤᠰᠢᠭᠤᠨ ᠤ ᠤᠳᠤᠷᠢᠳᠤᠯᠭ᠎ᠠ ᠣᠳᠣ ᠪᠣᠯᠣᠨ ᠬᠠᠮᠢᠶ᠎ᠠ ᠪᠦᠬᠦᠢ ᠰᠠᠯᠠᠭ᠎ᠠ ᠮᠥᠴᠢᠷ ᠤᠨ ᠬᠠᠷᠢᠭᠤᠴᠠᠯᠭᠠᠲᠠᠨ ᠣᠷᠣᠯᠴᠠᠪᠠ᠃      ᠬᠤᠷᠠᠯ ᠳᠡᠭᠡᠷ᠎ᠡ ᠪᠦᠭᠦ ᠬᠤᠰᠢᠭᠤᠨ ᠤ ᠬᠤᠳᠠᠯᠳᠤᠭ᠎ᠠ ᠡᠷᠬᠢᠯᠡᠬᠦ ᠣᠷᠴᠢᠨ ᠨᠥᠬᠦᠴᠡᠯ ᠢ ᠰᠢᠯᠢᠳᠡᠭᠵᠢᠭᠦᠯᠬᠦ ᠠᠵᠢᠯ ᠢ ᠥᠷᠨᠢᠭᠦᠯᠦᠭᠰᠡᠨ ᠪᠠᠶᠢᠳᠠᠯ ᠢ ᠮᠡᠳᠡᠭᠡᠯᠡᠵᠦ᠂ ᠳᠠᠷᠠᠭᠠᠴᠢ ᠶᠢᠨ ᠠᠵᠢᠯ ᠢ ᠪᠠᠶᠢᠷᠢᠯᠠᠭᠤᠯᠪᠠ᠃ ᠰᠣ᠋ ᡁᠢ ᠰᠢᠶᠦ᠋ᠡᠭ ᠬᠡᠯᠡᠬᠦ ᠳᠡᠭᠡᠨ᠂ ᠰᠢᠯᠢᠳᠡᠭ ᠰᠠᠶᠢᠨ ᠬᠤᠳᠠᠯᠳᠤᠭ᠎ᠠ ᠡᠷᠬᠢᠯᠡᠬᠦ ᠣᠷᠴᠢᠨ ᠨᠥᠬᠦᠴᠡᠯ ᠪᠣᠯ ᠬᠥᠭᠵᠢᠯᠲᠡ ᠶᠢᠨ ᠦᠨᠳᠦᠰᠦ ᠶᠢ ᠪᠠᠲᠤᠳᠬᠠᠬᠤ ᠰᠠᠭᠤᠷᠢ ᠢᠨᠵᠧᠨᠧᠷᠢᠩ᠂ ᠬᠥᠭᠵᠢᠯᠲᠡ ᠶᠢᠨ ᠬᠡᠷᠡᠭᠴᠡᠭᠡ ᠪᠣᠯᠬᠤ ᠪᠥᠭᠡᠳ ᠮᠦᠨᠴᠦ ᠠᠷᠠᠳ ᠤᠨ ᠪᠣᠳᠣᠯ ᠰᠠᠨᠠᠯ ᠪᠣᠯᠣᠨ᠎ᠠ᠃ ᠶᠡᠷᠦᠩᠬᠡᠢ ᠱᠦᠵᠢ ᠰᠢ ᠶᠢᠨ ᠫᠢᠡᠭ ᠤᠨ ᠬᠤᠳᠠᠯᠳᠤᠭ᠎ᠠ ᠡᠷᠬᠢᠯᠡᠬᠦ ᠣᠷᠴᠢᠨ ᠨᠥᠬᠦᠴᠡᠯ ᠢ ᠰᠢᠯᠢᠳᠡᠭᠵᠢᠭᠦᠯᠬᠦ ᠲᠤᠬᠠᠢ ᠴᠢᠬᠤᠯᠠ ᠥᠭᠦᠯᠡᠯᠲᠡ ᠪᠣᠯᠣᠨ ᠨᠠᠮ ᠤᠨ ᠬᠤᠷᠢᠳᠤᠭᠠᠷ ᠬᠤᠭᠤᠴᠠᠭᠠᠨ ᠤ ᠲᠥᠪ ᠬᠤᠷᠢᠶᠠᠨ ᠤ ᠭᠤᠷᠪᠠᠳᠤᠭᠠᠷ ᠪᠦᠬᠦᠳᠡ ᠬᠤᠷᠠᠯ ᠤᠨ ᠵᠣᠷᠢᠭ ᠰᠠᠨᠠᠭ᠎ᠠ ᠶᠢ ᠭᠦᠨᠵᠡᠭᠡᠢ ᠰᠤᠷᠤᠯᠴᠠᠨ ᠣᠶᠢᠯᠠᠭᠠᠵᠤ᠂ ᠬᠠᠷᠢᠭᠤᠴᠠᠯᠭ᠎ᠠ ᠶᠢ ᠤᠯᠠᠮ ᠪᠣᠳᠠᠲᠠᠶᠢᠵᠢᠭᠤᠯᠤᠨ᠂ ᠨᠢᠭᠡᠳᠦᠯᠲᠡᠢ ᠲᠥᠯᠥᠪᠵᠢᠭᠦᠯᠬᠦ ᠶᠢ ᠴᠢᠩᠭᠠᠳᠬᠠᠵᠤ᠂ ᠪᠣᠳᠠᠲᠠᠢ ᠠᠷᠭ᠎ᠠ ᠬᠡᠮᠵᠢᠶ᠎ᠡ ᠬᠢᠭᠡᠳ ᠴᠢᠩᠭ᠎ᠠ ᠬᠡᠪ ᠰᠤᠷᠲᠠᠯ ᠢᠶᠠᠷ ᠬᠤᠳᠠᠯᠳᠤᠭ᠎ᠠ ᠡᠷᠬᠢᠯᠡᠬᠦ ᠣᠷᠴᠢᠨ ᠲᠣᠭᠤᠷᠢᠨ ᠢ ᠰᠢᠯᠢᠳᠡᠭᠵᠢᠭᠦᠯᠬᠦ ᠡᠯ᠎ᠡ ᠵᠦᠢᠯ ᠤᠨ ᠠᠵᠢᠯ ᠢ ᠪᠦᠬᠦ ᠲᠠᠯ᠎ᠠ ᠪᠠᠷ ᠰᠠᠶᠢᠲᠤᠷ ᠠᠳᠬᠤᠨ᠂ ᠲᠡᠷᠢᠭᠦᠨ ᠤ ᠬᠤᠳᠠᠯᠳᠤᠭ᠎ᠠ ᠡᠷᠬᠢᠯᠡᠬᠦ ᠣᠷᠴᠢᠨ ᠨᠥᠬᠦᠴᠡᠯ ᠢᠶᠠᠷ ᠴᠢᠨᠠᠷ ᠰᠠᠶᠢᠲᠠᠢ ᠬᠥᠭᠵᠢᠯᠲᠡ ᠶᠢ ᠠᠬᠢᠭᠤᠯᠬᠤ ᠬᠡᠷᠡᠭᠲᠡᠢ᠃ ᠳᠡᠭᠡᠳᠦ ᠳᠣᠣᠷᠠᠳᠤ ᠱᠠᠲᠤ ᠪᠠᠷ ᠢᠶᠠᠨ ᠬᠠᠮᠲᠤᠷᠠᠨ ᠠᠵᠢᠯᠯᠠᠬᠤ ᠠᠵᠢᠯ ᠤᠨ ᠰᠡᠳᠬᠢᠬᠦᠢ ᠶᠢ ᠪᠠᠲᠤ ᠪᠦᠷᠢᠯᠳᠦᠭᠦᠯᠵᠦ᠂ ᠡᠳᠦᠷ ᠡᠳᠦᠷ ᠲᠣᠬᠢᠷᠠᠭᠤᠯᠤᠯᠲᠠ ᠬᠢᠬᠦ᠂ ᠭᠠᠷᠠᠭ ᠭᠠᠷᠠᠭ ᠮᠡᠳᠡᠭᠡᠯᠡᠬᠦ ᠠᠵᠢᠯ ᠤᠨ ᠲᠣᠭᠲᠠᠴᠠ ᠶᠢ ᠪᠠᠶᠢᠭᠤᠯᠤᠨ᠂ ᠰᠢᠯᠭᠠᠨ ᠦᠨᠡᠯᠡᠬᠦ ᠲᠣᠭᠲᠠᠯᠴᠠᠭ᠎ᠠ ᠲᠠᠢ ᠬᠠᠷᠢᠴᠠᠭᠤᠯᠵᠤ᠂ ᠨᠢᠭᠡ ᠨᠢᠭᠡ ᠵᠤᠷᠪᠤᠰ ᠢᠶᠠᠷ ᠲᠥᠷᠥᠯ ᠬᠤᠪᠢᠶᠠᠵᠤ ᠡᠮᠬᠢᠯᠡᠨ᠂ ᠡᠳᠦᠷ ᠪᠦᠷᠢ ᠲᠣᠬᠢᠷᠠᠭᠤᠯᠤᠯᠲᠠ ᠬᠢᠵᠦ᠂ ᠣᠷᠣᠰᠢᠵᠤ ᠪᠠᠶᠢᠭ᠎ᠠ ᠠᠰᠠᠭᠤᠳᠠᠯ ᠢ ᠴᠠᠭ ᠲᠤᠬᠠᠢ ᠳᠤᠨᠢ  ᠵᠠᠳᠠᠯᠵᠤ ᠰᠢᠢᠳᠪᠦᠷᠢᠯᠡᠨ᠂ ᠬᠠᠮᠵᠢᠯᠴᠠᠨ ᠬᠥᠳᠡᠯᠦᠯᠴᠡᠵᠦ᠂ ᠬᠠᠮᠲᠤᠷᠠᠨ ᠠᠵᠢᠯᠯᠠᠬᠤ ᠠᠵᠢᠯ ᠤᠨ ᠪᠠᠶᠢᠷᠢᠰᠢᠯ ᠢ ᠪᠦᠷᠢᠯᠳᠦᠭᠦᠯᠬᠦ ᠬᠡᠷᠡᠭᠲᠡᠢ᠃ ᠬᠢᠨᠠᠨ ᠰᠢᠯᠭᠠᠷᠠᠭᠤᠯᠤᠯᠲᠠ ᠶᠢ ᠤᠭᠲᠤᠬᠤ ᠠᠵᠢᠯ ᠢᠶᠠᠷ ᠲᠣᠬᠢᠶᠠᠯᠳᠤᠭᠤᠯᠤᠨ᠂ ᠨᠡᠶᠢᠲᠡᠯᠢᠭ ᠬᠡᠷᠡᠭ ᠤᠨ ᠵᠢᠱᠢᠶ᠎ᠡ ᠶᠢ ᠮᠡᠳᠡᠭᠦᠯᠦᠨ ᠬᠦᠷᠭᠡᠬᠦ᠂ ᠬᠤᠳᠠᠯᠳᠤᠭ᠎ᠠ ᠡᠷᠭᠢᠯᠡᠬᠦ ᠣᠷᠴᠢᠨ ᠨᠥᠬᠦᠴᠡᠯ ᠢ ᠪᠡᠶᠡᠴᠢᠯᠡᠨ ᠣᠶᠢᠯᠠᠭᠠᠬᠤ ᠠᠵᠢᠯᠲᠠᠨ ᠤ ᠠᠵᠢᠯᠯᠠᠭ᠎ᠠ᠂ ᠳᠤᠯᠠᠭᠠᠨ ᠬᠤᠲᠠ ᠳᠤᠯᠠᠭᠠᠨ ᠠᠵᠤ ᠠᠬᠤᠶᠢᠯᠠᠯ ᠵᠡᠷᠭᠡ ᠡᠯ᠎ᠡ ᠵᠦᠢᠯ ᠤᠨ ᠠᠵᠢᠯ ᠢ ᠯᠠᠪᠳᠠᠭᠤᠨ ᠪᠠᠲᠤᠲᠠᠢ ᠰᠠᠶᠢᠲᠤᠷ ᠬᠢᠵᠦ᠂ ᠨᠢᠭᠡ ᠪᠦᠯᠦᠭ ᠬᠠᠭᠤᠯᠪᠤᠷᠢᠯᠠᠵᠤ ᠳᠡᠯᠭᠡᠷᠡᠭᠦᠯᠵᠦ ᠪᠣᠯᠬᠤ ᠨᠡᠶᠢᠲᠡᠯᠢᠭ ᠲᠤᠷᠰᠢᠯᠭ᠎ᠠ ᠠᠷᠭ᠎ᠠ ᠪᠠᠷᠢᠯ ᠢ ᠨᠠᠷᠢᠨ ᠬᠢᠨᠠᠮᠠᠭᠠᠢ ᠬᠤᠷᠢᠶᠠᠩᠭᠤᠶᠢᠯᠠᠨ᠂ ᠴᠡᠭ ᠢᠶᠠᠷ ᠪᠦᠬᠦᠨ ᠢ ᠳᠠᠶᠢᠴᠢᠯᠠᠵᠤ ᠪᠥᠬᠦ ᠬᠤᠰᠢᠭᠤᠨ ᠤ ᠬᠤᠳᠠᠯᠳᠤᠭ᠎ᠠ ᠡᠷᠭᠢᠯᠡᠬᠦ ᠣᠷᠴᠢᠨ ᠨᠥᠬᠦᠴᠡᠯ ᠢ ᠰᠢᠯᠢᠳᠡᠭᠵᠢᠭᠦᠯᠵᠦ ᠳᠡᠭᠡᠭᠰᠢᠯᠡᠭᠦᠯᠦᠨ᠂ ᠮᠠᠨ ᠤ ᠬᠤᠰᠢᠭᠤᠨ ᠤ ᠭᠤᠣᠯᠯᠠᠬᠤ ᠥᠷᠢᠰᠦᠯᠳᠦᠬᠦ ᠬᠦᠴᠦᠨ ᠢ ᠦᠨᠡᠨᠬᠦ ᠴᠢᠩᠭᠠᠷᠠᠭᠤᠯᠬᠤ ᠬᠡᠷᠡᠭᠲᠡᠢ ᠭᠡᠪᠡ᠃ 
ᠢᠷᠡᠯᠲᠡ᠄ ᠣᠲᠤᠭ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ