ᠮᠣᠷᠢ ᠡᠮᠨᠡᠬᠦᠢ ᠣᠨᠢᠰᠤ
ᠨᠡᠶᠢᠲᠡᠯᠡᠭᠰᠡᠨ ᠴᠠᠭ᠄
2024/10/22
                ᠮᠣᠷᠢ ᠡᠮᠨᠡᠬᠦᠢ ᠣᠨᠢᠰᠤ       ᠮᠢᠨᠤ ᠭᠡᠷ ᠲᠤ ᠬᠠᠳᠠᠭᠠᠯᠠᠵᠤ ᠪᠠᠶᠢᠭᠰᠠᠨ ᠥᠰᠦᠨ ᠪᠢᠷ ᠢᠶᠠᠷ ᠪᠢᠴᠢᠭᠰᠡᠨ ︽ᠮᠤᠷᠢ ᠡᠮᠨᠡᠬᠦᠢ ᠶᠢᠨ ᠶᠤᠰᠣᠨ︾ ᠭᠡᠳᠡᠭ ᠡᠷᠲᠡᠨ ᠤ ᠬᠥᠮᠥᠨ ᠤ ᠪᠢᠴᠢᠭᠰᠡᠨ ᠵᠤᠷ ᠢ ᠲᠤᠰ ᠪᠢᠴᠢᠯᠭᠡ ᠶᠢ ᠨᠢ ᠳᠠᠭᠤᠷᠢᠶᠠᠨ ᠬᠠᠭᠤᠯᠤᠨ ᠡᠮᠬᠢᠳᠬᠡᠪᠡ᠃      ᠬᠤᠯᠠ ᠵᠠᠮ ᠢ ᠲᠣᠪᠴᠢᠯᠠᠬᠤᠢ ᠮᠣᠷᠢᠨ ᠰᠠᠶᠢᠬᠠᠨ ᠡᠷᠳᠡᠨᠢ      ᠬᠤᠪᠢ ᠢᠷᠦᠭᠡᠯ ᠤᠴᠠᠷᠠᠯ ᠳᠤ ᠬᠦᠯᠦᠭ ᠤᠨ ᠮᠠᠩᠯᠠᠢ ᠠᠲᠠᠯ᠎ᠠ      ᠬᠤᠤᠷᠳᠤ ᠮᠠᠭᠤ ᠡᠪᠡᠳᠴᠢᠨ ᠳᠤᠷ ᠪᠠᠷᠢᠭᠳᠠᠵᠤ ᠵᠤᠪᠠᠭᠳᠠᠨ      ᠬᠤᠷᠣᠭᠳᠠᠵᠤ ᠬᠤᠷᠬᠢᠷᠠᠭᠠᠳ ᠬᠠᠶᠢᠷᠠᠯᠠᠯᠲᠠᠢ ᠶᠢᠨ ᠲᠤᠯᠠᠳᠡ      ᠡᠷᠲᠡ ᠴᠠᠭ ᠤᠨ ᠡᠮᠨᠡᠬᠦᠢ ᠶᠢ ᠦᠢᠯᠡᠳᠦᠭᠰᠡᠨ ᠶᠤᠰᠣᠨ ᠪᠠ      ᠡᠷᠳᠡᠮ ᠲᠡᠭᠦᠰ ᠡᠮᠴᠢ ᠨᠠᠷ ᠤᠨ ᠭᠠᠷ ᠠᠪᠴᠤ ᠳᠠᠳᠤᠭᠰᠠᠨ      ᠡᠭᠡᠯ ᠪᠣᠯᠬᠢ ᠤᠬᠠᠭᠠᠨ ᠤ ᠰᠢᠨᠵᠢᠯᠡᠵᠦ ᠮᠡᠳᠡᠭᠰᠡᠨ      ᠡᠳᠡᠭᠡᠬᠦ ᠶᠤᠰᠤ ᠠᠷᠭ᠎ᠠ ᠶᠢ ᠲᠣᠪᠴᠢᠯᠠᠵᠤ ᠪᠢᠴᠢᠪᠡᠢ᠃      ᠬᠥᠯᠥᠰᠦ ᠪᠠ ᠤᠰᠤ ᠬᠢᠭᠡᠳ ᠡᠪᠡᠰᠦᠨ ᠤ ᠰᠢᠯᠲᠠᠭᠠᠨ      ᠬᠦᠢᠲᠡᠨ ᠬᠠᠯᠠᠭᠤᠨ ᠲᠡᠩᠴᠡᠯ ᠦᠭᠡᠢ ᠬᠢᠮᠤᠷᠠᠭᠰᠠᠨ ᠤᠴᠢᠷ ᠪᠠᠷ      ᠬᠥᠷᠪᠡᠬᠦ ᠪᠠ ᠬᠡᠪᠲᠡᠵᠦ ᠢᠷᠡᠭᠡᠳ ᠠᠮᠢᠰᠬᠤᠯ ᠨᠢ ᠤᠬᠤᠷᠳᠠᠨ      ᠬᠦᠨᠳᠦᠷᠡᠵᠦ ᠬᠡᠲᠦᠷᠡᠪᠡᠯ ᠠᠮᠢᠨ ᠪᠡᠶ᠎ᠡ ᠶᠢ ᠬᠠᠷᠰᠢᠮᠤᠢ᠃      ᠠᠰᠤᠷᠤ ᠬᠤᠷᠳᠤᠨ ᠴᠠᠳᠬᠤᠯᠠᠩ ᠢᠶᠠᠷ ᠤᠨᠤᠭᠰᠠᠨ ᠤ ᠤᠴᠢᠷ᠎ᠠ      ᠠᠮᠢᠰᠬᠤᠯ ᠨᠢ ᠴᠢᠬᠤᠯᠳᠠᠭᠠᠳ ᠬᠠᠮᠠᠷ ᠬᠦᠶᠡᠩ ᠤᠷᠤᠬᠤ      ᠠᠭᠤᠰᠬᠢᠨ ᠳᠤᠷ ᠠᠷᠬᠠᠭ ᠪᠣᠯᠣᠨ ᠥᠭᠳᠡᠷᠡᠵᠤ ᠤᠳᠠᠪᠠᠯ      ᠠᠩᠭᠢᠷ ᠰᠢᠷ᠎ᠠ ᠤᠰᠤ ᠨᠢᠰᠤ ᠦᠷᠭᠦᠯᠵᠢᠳᠡ ᠴᠤᠪᠤᠮᠤᠢ᠃      ᠡᠷᠭᠢᠨ ᠣᠨᠢᠰ ᠲᠠᠷᠢᠬᠢᠨ ᠳᠤᠷ ᠡᠸᠠᠨ ᠤ ᠬᠡᠢ ᠪᠠᠷ ᠰᠢᠷᠭᠤᠪᠠᠯ      ᠡᠷᠭᠢᠭᠦᠦ ᠪᠣᠯᠣᠨ ᠲᠣᠭᠤᠷᠢᠵᠤ ᠢᠳᠡᠯ ᠦᠭᠡᠢ ᠲᠣᠬᠢᠷᠠᠨ      ᠡᠮᠨᠡᠬᠦᠢ ᠳᠤᠷ ᠬᠠᠳᠬᠤᠬᠤ ᠪᠠ ᠲᠦᠭᠡᠨᠡᠬᠦ ᠪᠠᠷ ᠵᠠᠰᠠᠪᠠᠯ      ᠡᠳᠡᠭᠡᠵᠤ ᠰᠠᠶᠢᠬᠠᠨ ᠪᠣᠯᠬᠤ ᠶᠢ ᠨᠢᠳᠣᠨ ᠢᠶᠠᠷ ᠦᠵᠡᠪᠡᠢ᠃      ᠰᠢᠷᠤᠢ ᠬᠢᠭᠡᠳ ᠬᠤᠤᠷᠲᠤ ᠮᠠᠭᠤ ᠡᠪᠡᠰᠦᠨ ᠢ ᠢᠳᠡᠵᠦ      ᠰᠢᠩᠭᠡᠭᠡᠵᠦ ᠥᠯᠦ ᠴᠢᠳᠠᠨ ᠰᠣᠭᠲᠣᠬᠤ ᠪᠠ ᠬᠡᠪᠲᠡᠬᠦ      ᠱᠢᠷᠦ ᠮᠡᠲᠦ ᠤᠯᠠᠭᠠᠨ ᠬᠤᠷᠤᠬᠠᠢ ᠬᠤᠳᠣᠭᠤᠳᠤᠨ ᠳᠤᠷ ᠪᠦᠲᠦᠭᠡᠳ      ᠰᠢᠭᠢᠳᠴᠦ ᠢᠷᠡᠭᠡᠳ ᠴᠣᠭᠤᠯᠪᠠᠰᠤ ᠡᠳᠡᠭᠡᠬᠦ ᠢᠨᠤ ᠪᠡᠷᠬᠡᠲᠡᠢ᠃      ᠭᠦᠵᠢᠷ ᠬᠤᠷᠳᠤᠨ ᠤᠨᠤᠵᠤ ᠢᠷᠡᠭᠡᠳ ᠵᠤᠭᠰᠤᠭᠠᠭᠰᠠᠨ ᠲᠤᠯᠠᠳᠡ      ᠬᠦᠯ ᠳᠤᠷ ᠢᠨᠤ ᠴᠢᠰᠤ ᠪᠠᠭᠤᠨ ᠰᠤᠳᠠᠯ ᠯᠤᠭᠰᠢᠨ ᠲᠤᠭᠤᠯᠬᠤ      ᠬᠥᠩᠭᠡᠨ ᠲᠤᠬᠠᠢ ᠬᠠᠳᠬᠤᠵᠤ ᠢᠷᠡᠭᠡᠳ ᠴᠢᠰᠤ ᠡᠰᠡ ᠠᠪᠤᠪᠠᠯ      ᠬᠦᠨᠳᠦᠷᠡᠵᠦ ᠤᠳᠠᠪᠠᠰᠤ ᠰᠢᠷ᠎ᠠ ᠤᠰᠤ ᠪᠣᠯᠣᠮᠤᠢ᠃      ᠰᠢᠷᠤᠢ ᠶᠠᠷ᠎ᠠ ᠪᠣᠭᠤᠮ᠎ᠠ ᠶᠢ ᠬᠠᠳᠬᠤᠬᠤ ᠪᠠ ᠣᠭᠲᠣᠯᠬᠤ      ᠰᠢᠷ᠎ᠠ ᠤᠰᠤᠨ ᠬᠠᠮᠠᠭᠤ ᠶᠢ ᠲᠦᠷᠬᠢᠬᠦ ᠪᠠ ᠲᠦᠭᠡᠨᠡᠬᠦ      ᠰᠢᠩᠭᠡᠨ ᠦᠳᠬᠡᠨ ᠬᠠᠭᠠᠭᠳᠠᠪᠠᠯ ᠬᠦᠷᠪᠡᠵᠦ ᠢᠷᠡᠭᠡᠳ ᠰᠠᠨᠳᠤᠷᠬᠤ      ᠰᠢᠨᠵᠢᠯᠡᠵᠦ ᠲᠠᠨᠢᠪᠠᠯ ᠡᠨᠡ ᠬᠠᠷᠢᠨ ᠬᠢᠯᠪᠠᠷᠬᠠᠨ      ᠵᠢᠷᠦᠬᠡᠨ ᠳᠤ ᠵᠢᠯᠪᠢᠡᠭ ᠪᠣᠯᠪᠠᠯ ᠴᠡᠴᠡᠷᠡᠵᠦ ᠳᠣᠯᠬᠢᠰᠬᠤ      ᠵᠢᠭᠲᠦ ᠮᠡᠭᠡᠢ ᠰᠢᠷ᠎ᠠ ᠤᠰᠤ ᠬᠠᠮᠠᠷ ᠠᠴᠠ ᠴᠤᠪᠤᠬᠤ      ᠵᠢᠭᠡᠭᠦᠨ ᠬᠦᠢᠲᠡᠨ ᠬᠤᠤᠷ᠎ᠠ ᠪᠣᠯᠣᠨ ᠳᠡᠯᠢᠭᠦᠨ ᠳᠤᠷ ᠲᠤᠰᠪᠠᠰᠤ      ᠵᠢᠩᠯᠡᠬᠦ ᠪᠠ ᠬᠠᠳᠬᠤᠬᠤ ᠪᠠᠷ ᠲᠦᠷᠭᠡᠪᠴᠢᠯᠡᠨ ᠡᠮᠨᠡᠯᠲᠠᠢ      ᠡᠮᠬᠡᠭ ᠵᠤᠪᠠᠯᠠᠩ ᠤᠴᠠᠷᠠᠭᠰᠠᠨ ᠠᠮᠢᠲᠠᠳ ᠪᠦᠬᠦᠨ      ᠡᠮᠬᠡᠨᠢᠵᠤ ᠵᠣᠪᠠᠭ᠋ᠤᠢ ᠬᠥᠭᠡᠷᠦᠬᠦᠶᠢᠯᠡᠯᠲᠡᠢ ᠶᠢᠨ ᠲᠤᠯᠠᠳᠡ      ᠡᠮᠴᠢᠯᠠᠵᠤ ᠠᠨᠠᠭᠠᠬᠤᠢ ᠶᠢᠨ ᠪᠠᠭ᠎ᠠ ᠰᠠᠭ᠎ᠠ ᠶᠤᠰᠣᠨ ᠢ      ᠡᠪᠯᠡᠭᠦᠯᠦᠨ ᠲᠣᠪᠴᠢᠯᠠᠵᠤ ᠳᠡᠪᠲᠡᠷ ᠪᠣᠯᠭᠠᠨ ᠲᠠᠯᠪᠢᠪᠠᠢ᠃                                        ᠬᠤᠷᠴᠠᠪᠢᠯᠢᠭ᠌ ᠠᠷᠪᠢᠨᠪᠠᠶᠠᠷ ᠤᠨ ᠴᠤᠭᠯᠠᠭᠤᠯᠤᠨ ᠡᠮᠬᠢᠳᠬᠡᠭᠰᠡᠨ                                       ︽ᠣᠷᠳᠣᠰ ᠮᠣᠩᠭᠤᠯ ᠤᠨ ᠲᠠᠪᠤᠨ ᠬᠤᠰᠢᠭᠤ ᠮᠠᠯ ᠤᠨ ᠢᠷᠦᠭᠡᠯ                                        ᠮᠠᠭᠲᠠᠭᠠᠯ ᠵᠦᠢᠷ ᠰᠡᠴᠡᠨ ᠦᠭᠡ ᠥᠯᠢᠭᠡᠷ ᠲᠣᠮᠤᠭ ︾ ᠠᠴᠠ ᠪᠠᠭᠤᠯᠭᠠᠪᠠ 
ᠢᠷᠡᠯᠲᠡ᠄ ᠣᠲᠤᠭ ᠬᠤᠰᠢᠭᠤᠨ ᠤ ᠠᠷᠠᠳ ᠤᠨ ᠵᠠᠰᠠᠭ ᠤᠨ ᠣᠷᠳᠤᠨ ᠤ ᠠᠯᠪᠠᠨ ᠭᠡᠷ