ᠡᠪᠦᠯ ᠤᠨ ᠡᠬᠢᠨ ᠰᠠᠷ᠎ᠠ ᠳᠤ᠂ ᠵᠢᠶᠠᠨᠬᠦ᠋ᠢ ᠲᠣᠰᠬᠤᠨ ᠤ ᠴᠧᠨ ᠰᠢᠶᠣᠣ ᠫᠢᠩ ᠦᠵᠦᠮ ᠤᠨ ᠳᠤᠯᠠᠭᠠᠨ ᠰᠠᠷᠠᠪᠴᠢ ᠪᠣᠯᠣᠨ ᠪᠠᠮᠪᠠᠷ ᠵᠢᠮᠢᠰ ᠤᠨ ᠳᠤᠯᠠᠭᠠᠨ | ᠰᠠᠷᠠᠪᠴᠢ ᠶᠢᠨ ᠬᠤᠭᠤᠷᠣᠨᠳᠤ ᠪᠠᠨ ᠶᠠᠭᠠᠷᠠᠯᠲᠠᠢ ᠠᠵᠢᠯᠯᠠᠵᠤ ᠪᠠᠶᠢᠯ᠎ᠠ᠃ ᠵᠢᠭᠳᠡᠷᠡᠲᠡᠯ᠎ᠡ ᠰᠠᠭᠤᠭᠰᠠᠨ ᠦᠵᠦᠮ ᠪᠣᠯᠣᠨ ᠡᠨᠡ ᠵᠢᠯ ᠤᠨ ᠬᠠᠮᠤᠭ ᠰᠡᠭᠦᠯᠴᠢ ᠶᠢᠨ ᠪᠠᠮᠪᠠᠷ | ᠵᠢᠮᠢᠰ ᠤᠨ ᠤᠷᠭᠤᠯᠲᠠ ᠶᠢᠨ ᠪᠠᠶᠢᠳᠠᠯ ᠢ ᠬᠠᠷᠠᠭᠠᠳ ᠲᠡᠷᠡ ︽ᠶᠠᠭ ᠰᠠᠨᠠᠭᠠᠨ ᠳᠤ ᠦᠭᠡᠢ ᠶᠤᠮ︾ ᠭᠡᠵᠦ ᠳᠠᠬᠢᠨ ᠳᠠᠪᠲᠠᠨ ᠶᠠᠷᠢᠵᠤ ᠪᠠᠶᠢᠯ᠎ᠠ᠃ | ᠴᠧᠨ ᠰᠢᠶᠣᠣ ᠫᠢᠡᠭ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠣᠷᠳᠣᠰ ᠬᠤᠲᠠ ᠶᠢᠨ ᠣᠲᠤᠭ ᠬᠤᠰᠢᠭᠤᠨ ᠤ ᠮᠧᠩ ᠰᠢ ᠪᠠᠯᠭᠠᠰᠤᠨ ᠤ | ᠲᠠᠷᠢᠶᠠᠴᠢᠨ ᠦᠢᠯᠡᠰ ᠪᠦᠲᠦᠭᠡᠭᠴᠢ ᠪᠣᠯᠤᠭᠰᠠᠨ ᠤ ᠬᠤᠪᠢ ᠳᠤ᠂ ᠲᠡᠭᠦᠨ ᠤ ᠳᠠᠷᠢᠭᠰᠠᠨ ᠦᠵᠦᠮ ᠨᠢ ᠭᠠᠳᠠᠭᠠᠳᠤ ᠶᠢᠨ ᠬᠢᠨ ᠤ ᠠᠩᠬᠠᠷᠤᠯ ᠢ ᠲᠠᠲᠠᠨ᠎ᠠ ᠭᠡᠵᠦ ᠲᠡᠷᠡ | ᠪᠤᠳᠤᠵᠤ ᠣᠯᠣᠭᠰᠠᠨ ᠦᠭᠡᠢ᠂ ᠨᠠᠩ ᠴᠤ ᠪᠠᠮᠪᠠᠷ ᠵᠢᠮᠢᠰ ᠨᠢ ᠳᠡᠯᠡᠬᠡᠢ ᠶᠢᠨ ᠵᠠᠬ᠎ᠠ ᠳᠡᠯᠭᠡᠭᠦᠷ ᠲᠤ ᠭᠠᠷᠴᠤ ᠵᠢᠩ ᠪᠦᠷᠢ ᠳᠡᠭᠡᠨ 40 ᠲᠥᠭᠦᠷᠢᠭ ︵ᠠᠷᠠᠳ ᠤᠨ | ᠵᠣᠭᠤᠰ᠂ ᠳᠣᠷᠣᠭᠰᠢ ᠠᠳᠠᠯᠢ︶ ᠤᠨ ᠰᠠᠶᠢᠨ ᠦᠨ᠎ᠡ ᠪᠠᠷ ᠬᠤᠳᠠᠯᠳᠤᠨ᠎ᠠ ᠭᠡᠵᠦ ᠠᠷᠪᠠᠨ ᠵᠡᠭᠦᠳᠦᠨ ᠳᠡᠭᠡᠨ ᠴᠤ ᠪᠠᠶᠢᠭ᠎ᠠ ᠦᠭᠡᠢ ᠶᠤᠮ᠃ | ᠲᠡᠷᠡ ᠦᠵᠦᠮ᠂ ᠪᠠᠮᠪᠠᠷ ᠵᠢᠮᠢᠰ ᠳᠠᠷᠢᠬᠤ ᠪᠣᠯ ᠮᠢᠨᠤ ︽ᠵᠢᠷᠭᠠᠯᠲᠠᠢ ᠦᠢᠯᠡᠰ︾ ᠭᠡᠵᠦ ᠶᠠᠷᠢᠨ᠎ᠠ᠃ | 1832 ᠬᠥᠮᠥᠨ ᠠᠮᠠ ᠲᠠᠢ ᠵᠢᠶᠠᠨᠬᠦ᠋ᠢ ᠲᠣᠰᠬᠤᠨ ᠨᠢ ᠬᠠᠲᠤᠨ ᠭᠤᠣᠯ ᠠᠴᠠ 1 ᠺᠢᠯᠣᠮᠧᠲᠷ ᠯᠡ ᠵᠠᠶᠢᠲᠠᠢ ᠪᠠᠶᠢᠳᠠᠭ᠃ ᠴᠧᠨ ᠰᠢᠶᠣᠣ ᠫᠢᠩ ᠪᠣᠯᠣᠨ | ᠲᠣᠰᠬᠤᠨ ᠤ ᠠᠷᠠᠳ ᠤᠨ ᠡᠵᠡᠩᠨᠡᠵᠦ ᠪᠠᠶᠢᠭ᠎ᠠ ᠲᠤᠰᠬᠠᠢ ᠬᠤᠷᠰᠢᠶ᠎ᠠ ᠨᠢ 8000 ᠲᠡᠭᠰᠢ ᠳᠥᠷᠪᠡᠯᠵᠢᠨ ᠮᠧᠲᠷ ᠲᠠᠯᠠᠪᠠᠢ ᠲᠠᠢ᠂ 33 ᠳᠤᠯᠠᠭᠠᠨ ᠰᠠᠷᠠᠪᠴᠢ ᠲᠠᠢ᠂ | ᠦᠵᠦᠮ ᠵᠢᠴᠢ ᠲᠠᠶᠢᠸᠠᠨ ᠠᠴᠠ ᠣᠷᠣᠭᠤᠯᠵᠤ ᠠᠪᠴᠢᠷᠠᠭᠰᠠᠨ ᠤᠯᠠᠭᠠᠨ ᠦᠷ᠎ᠡ ᠲᠠᠢ ᠪᠠᠮᠪᠠᠷ ᠵᠢᠮᠢᠰ ᠲᠠᠷᠢᠳᠠᠭ᠃ | ᠵᠢᠶᠠᠨᠬᠦ᠋ᠢ ᠲᠣᠰᠬᠤᠨ ᠪᠣᠯ ᠤᠮᠠᠷᠠᠲᠤ ᠥᠷᠭᠡᠷᠢᠭ ᠤᠨ 38。 ᠲᠤ ᠪᠠᠶᠢᠷᠢᠯᠠᠨ᠂ ᠪᠦᠬᠦ ᠵᠢᠯ ᠤᠨ ᠨᠡᠷᠡᠨ ᠤ ᠲᠤᠰᠤᠯᠲᠠ 3300 ᠴᠠᠭ ᠪᠠᠶᠢᠵᠦ᠂ ᠡᠳᠦᠷ | ᠰᠥᠨᠢ ᠶᠢᠨ ᠳᠤᠯᠠᠭᠠᠨ ᠤ ᠵᠥᠷᠢᠶ᠎ᠡ ᠶᠡᠭᠡ᠂ ᠪᠦᠬᠦ ᠵᠢᠯ ᠤᠨ ᠬᠢᠷᠠᠭᠤ ᠦᠭᠡᠢ ᠬᠤᠭᠤᠴᠠᠭ᠎ᠠ ᠨᠢ 142 ᠡᠳᠦᠷ ᠪᠣᠯᠣᠨ᠎ᠠ᠃ ᠲᠠᠷᠢᠶᠠᠯᠠᠩ ᠤᠨ ᠲᠤᠰᠬᠠᠢ | ᠮᠡᠷᠭᠡᠵᠢᠯᠲᠡᠨ ᠤ ᠦᠵᠡᠬᠦ ᠪᠠᠷ᠂ ᠠᠳᠡ ᠦᠵᠦᠮ᠂ ᠪᠠᠮᠪᠠᠷ ᠵᠢᠮᠢᠰ ᠵᠡᠷᠭᠡ ᠣᠨᠴᠠᠯᠢᠭᠲᠤ ᠵᠢᠮᠢᠰ ᠳᠠᠷᠢᠬᠤ ᠳᠤ ᠮᠠᠰᠢ ᠲᠣᠬᠢᠷᠠᠮᠵᠢᠲᠠᠢ᠃ | ︽ᠮᠠᠨ ᠤ ᠦᠵᠦᠮ ᠪᠣᠯᠣᠨ ᠪᠠᠮᠪᠠᠷ ᠵᠢᠮᠢᠰ ᠤᠨ ᠰᠢᠬᠢᠷ ᠤᠨ ᠠᠭᠤᠯᠤᠭᠳᠠᠴᠠ ᠥᠨᠳᠥᠷ ᠪᠣᠯᠬᠤᠷ ᠵᠠᠬ᠎ᠠ ᠳᠡᠯᠭᠡᠭᠦᠷ ᠤᠨ ᠬᠦᠷᠢᠶᠡᠯᠡᠯ ᠢ ᠣᠯᠬᠤ ᠨᠢ ᠵᠠᠶᠢᠯᠠᠰᠢ | ᠦᠭᠡᠢ ᠬᠡᠷᠡᠭ ᠶᠤᠮ︾ ᠭᠡᠵᠦ ᠲᠤᠰᠬᠠᠢ ᠬᠤᠷᠰᠢᠶᠠᠨ ᠤ ᠪᠠᠨ ᠡᠭᠦᠳᠡᠨ ᠳᠤ ᠵᠣᠭᠰᠣᠭᠰᠠᠨ ᠴᠧᠨ ᠰᠢᠶᠣᠣ ᠫᠢᠩ ᠢᠲᠡᠭᠡᠯ ᠲᠠᠢ ᠬᠡᠯᠡᠨ᠎ᠡ᠂ ᠲᠡᠷᠡ ᠠᠵᠢᠯ | ᠲᠥᠷᠥᠯ ᠢᠶᠠᠨ ᠵᠥᠪ ᠰᠣᠩᠭᠤᠭᠰᠠᠨ ᠳᠠᠭᠠᠨ ᠮᠠᠰᠢ ᠪᠠᠶᠠᠷ ᠲᠠᠢ ᠪᠠᠶᠢᠯ᠎ᠠ᠃ | 1979 ᠣᠨ ᠳᠤ ᠲᠦᠷᠦᠭᠰᠡᠨ ᠴᠧᠨ ᠰᠢᠶᠣᠣ ᠫᠢᠩ ᠠᠩᠬᠠᠨ ᠳᠠᠭᠠᠨ ᠪᠠᠷᠢᠯᠭ᠎ᠠ ᠶᠢᠨ ᠠᠵᠢᠯ ᠢ ᠳᠠᠭᠠᠭᠠᠨ ᠠᠪᠴᠤ ᠬᠢᠵᠦ ᠪᠠᠶᠢᠵᠠᠢ᠂ ᠭᠡᠪᠡᠴᠦ ᠲᠡᠷᠡ᠄ ︽ | ᠡᠨᠡ ᠨᠢ ᠠᠵᠢᠯ ᠦᠢᠯᠡᠰ ᠪᠢᠰᠢ᠂ ᠪᠢ ᠵᠠᠪᠠᠯ ᠨᠢᠭᠡ ᠨᠠᠰᠤ ᠪᠠᠷ ᠢᠶᠠᠨ ᠬᠢᠵᠦ ᠳᠡᠶᠢᠯᠬᠦ ᠠᠵᠢᠯ ᠬᠢᠨ᠎ᠡ︾ ᠭᠡᠵᠦ ᠰᠢᠢᠳᠦᠭᠡᠳ ᠲᠣᠰᠬᠤᠨ ᠤ ᠠᠷᠠᠳ ᠢᠶᠠᠨ ᠳᠠᠭᠠᠭᠤᠯᠤᠨ | ᠳᠤᠯᠠᠭᠠᠨ ᠰᠠᠷᠠᠪᠴᠢᠨ ᠳᠤ ᠦᠵᠦᠮ᠂ ᠪᠠᠮᠪᠠᠷ ᠵᠢᠮᠢᠰ ᠲᠠᠷᠢᠵᠦ ᠡᠬᠢᠯᠡᠵᠡᠢ᠃ ᠲᠡᠭᠡᠬᠦ ᠳᠤ᠂ ᠲᠡᠷᠡ ᠨᠢᠭᠡᠨᠲᠡ ᠨᠢᠭᠡ ᠵᠢᠯ ᠰᠢᠬᠠᠮ ᠤᠨ ᠴᠠᠭ ᠢ ᠬᠡᠷᠡᠭᠯᠡᠨ ᠪᠠᠭᠰᠢ ᠪᠠᠷᠢᠵᠤ | ᠮᠡᠷᠭᠡᠵᠢᠯ ᠰᠤᠷᠴᠠᠢ᠃ 2016 ᠣᠨ ᠳᠤ ᠲᠡᠭᠦᠨ ᠤ ᠳᠠᠷᠢᠭᠰᠠᠨ ᠦᠵᠦᠮ᠂ ᠪᠠᠮᠪᠠᠷ ᠵᠢᠮᠢᠰ ᠨᠢ ᠢᠷᠭᠠᠢ᠂ ᠦᠬᠠᠢ ᠵᠡᠷᠭᠡ ᠬᠤᠳᠠ ᠳᠤ ᠪᠣᠷᠣᠯᠠᠭᠤᠯᠤᠭᠳᠠᠵᠤ᠂ ᠪᠠᠰᠠ | ᠨᠢᠭᠡ ᠦᠶ᠎ᠡ ᠱᠠᠩᠬᠠᠢ ᠬᠤᠲᠠ ᠳᠤ ᠪᠣᠷᠣᠯᠠᠭᠤᠯᠤᠭᠳᠠᠨ᠂ ᠲᠤᠬᠠᠢ ᠶᠢᠨ ᠵᠢᠯ ᠤᠨ ᠡᠵᠡᠩᠨᠡᠯᠲᠡ ᠶᠢᠨ ᠣᠷᠣᠯᠭ᠎ᠠ ᠨᠢ ᠵᠠᠭᠤᠨ ᠲᠦᠮᠡᠨ ᠲᠥᠭᠦᠷᠢᠭ ᠬᠦᠷᠴᠡᠢ᠃ ᠭᠠᠳᠠᠷ | ᠣᠷᠣᠨ ᠤ ᠵᠠᠷᠢᠮ ᠬᠤᠳᠠᠯᠳᠤᠭᠠᠴᠢᠨ᠄ ︽ᠵᠢᠶᠠᠨᠬᠦ᠋ᠢ ᠲᠣᠰᠬᠤᠨ ᠤ ᠳᠠᠷᠢᠭᠰᠠᠨ ᠦᠵᠦᠮ ᠨᠢ ᠠᠷᠢᠬᠢ ᠨᠡᠷᠡᠬᠦ ᠳᠤ ᠲᠣᠬᠢᠷᠠᠮᠵᠢᠲᠠᠢ ᠪᠣᠯᠬᠤᠷ ᠹᠷᠠᠨᠼᠢ ᠶᠢᠨ | ᠬᠤᠳᠠᠯᠳᠤᠭᠠᠴᠢᠨ ᠤ ᠠᠩᠬᠠᠷᠤᠯ ᠢ ᠲᠠᠲᠠᠵᠤ ᠪᠠᠶᠢᠨ᠎ᠠ᠂ ᠡᠨᠡ ᠲᠠᠯ᠎ᠠ ᠪᠠᠷ ᠬᠢ ᠬᠠᠮᠲᠤᠷᠠᠯᠴᠠᠭ᠎ᠠ ᠨᠢ ᠣᠳᠣᠬᠠᠨ ᠳᠤ ᠵᠥᠪᠳᠡᠯᠴᠡᠬᠦ ᠱᠠᠲᠤᠨ ᠳᠠᠭᠠᠨ ᠪᠣᠢ︾ ᠭᠡᠵᠦ | ᠬᠡᠯᠡᠨ᠎ᠡ᠃ ᠲᠣᠰᠬᠤᠨ ᠤ ᠠᠷᠠᠳ ᠢ ᠲᠠᠶᠢᠴᠢᠯᠠᠨ ᠣᠷᠣᠯᠭ᠎ᠠ ᠶᠢ ᠨᠢ ᠨᠡᠮᠡᠭᠳᠡᠭᠦᠯᠦᠨ ᠴᠢᠨᠡᠭᠡᠯᠢᠭᠵᠢᠬᠦᠯᠬᠦ ᠠᠴᠠ ᠭᠠᠳᠠᠨ᠎ᠠ᠂ ᠴᠧᠨ ᠰᠢᠶᠣᠣ ᠫᠢᠩ ᠪᠠᠰᠠ ᠮᠸᠡᠭ ᠰᠢ | ᠪᠠᠯᠭᠠᠰᠤᠨ ᠤ ᠵᠠᠰᠠᠭ ᠤᠨ ᠣᠷᠳᠣᠨ ᠤ ᠳᠡᠮᠵᠢᠯᠭᠡ ᠳᠣᠣᠷ᠎ᠠ᠂ ᠡᠯᠧᠺᠲᠷᠣᠨ ᠬᠤᠳᠠᠯᠳᠤᠭᠠᠨ ᠤ ᠲᠠᠪᠴᠠᠩ ᠳᠤ ᠲᠦᠰᠢᠭᠯᠡᠨ ᠦᠵᠦᠮ᠂ ᠪᠠᠮᠪᠠᠷ ᠵᠢᠮᠢᠰ ᠤᠨ | ᠠᠯᠳᠠᠷᠰᠢᠯ ᠢᠶᠠᠨ ᠥᠷᠭᠡᠳᠬᠡᠪᠡ᠃ ︽ᠲᠠ ᠨᠠᠷ ᠨᠠᠳᠠ ᠶᠢ ᠳᠠᠭᠠᠭᠠᠳ ᠢᠷ᠎ᠡ᠂ ᠣᠳᠣᠬᠠᠨ ᠳᠤ ᠮᠠᠨ ᠤ ᠠᠳᠡᠬᠢ ᠶᠢᠨ ᠦᠵᠦᠮ ᠲᠡᠭᠦᠬᠦ ᠬᠤᠭᠤᠴᠠᠭᠠᠨ ᠳᠠᠭᠠᠨ | ᠣᠷᠣᠵᠤ᠂ ᠪᠠᠮᠪᠠᠷ ᠵᠢᠮᠢᠰ ᠴᠦ ᠤᠳᠠᠯ ᠦᠭᠡᠢ ᠪᠣᠯᠪᠠᠰᠤᠷᠠᠬᠤ ᠪᠠᠷ ᠪᠠᠶᠢᠨ᠎ᠠ︾ ᠭᠡᠳᠡᠭ ᠪᠣᠯ ᠴᠧᠨ ᠰᠢᠶᠣᠣ ᠫᠢᠩ ᠤᠨ ᠵᠤᠨ ᠨᠠᠮᠤᠷ ᠠᠴᠠ ᠨᠠᠭᠠᠰᠢ ᠰᠦᠯᠵᠢᠶᠡᠨ ᠤ | ᠰᠢᠭᠤᠳ ᠨᠡᠪᠲᠡᠷᠡᠭᠦᠯᠭᠡ ᠳᠤᠮᠳᠠ ᠣᠯᠠᠨᠲᠠ ᠬᠡᠷᠡᠭᠯᠡᠳᠡᠭ ᠦᠭᠡ ᠪᠣᠯᠣᠨ᠎ᠠ᠃ ︽ᠰᠢᠶᠠᠩᠭᠠᠩ ᠣᠣᠮᠧᠨ ᠲᠠᠶᠢᠸᠠᠨ ᠠᠴᠠ ᠢᠷᠡᠭᠰᠡᠨ ᠵᠠᠷᠢᠮ ᠬᠤᠳᠠᠯᠳᠤᠭᠠᠴᠢᠨ ᠪᠠᠰᠠ | ᠳᠤᠯᠠᠭᠠᠨ ᠰᠠᠷᠠᠪᠴᠢᠨ ᠳᠤ ᠦᠵᠦᠮ᠂ ᠪᠠᠮᠪᠠᠷ ᠵᠢᠮᠢᠰ ᠢ ᠠᠮᠲᠠᠯᠠᠵᠤ ᠥᠩᠭᠡᠷᠡᠭᠰᠡᠨ ᠶᠤᠮ︾᠃ ᠮᠧᠩ ᠰᠢ ᠪᠠᠯᠭᠠᠰᠤᠨ ᠤ ᠨᠠᠮ ᠤᠨ ᠬᠤᠷᠢᠶᠠᠨ ᠤ ᠳᠡᠳ᠋ ᠱᠦᠵᠢ | ᠭᠦᠸᠧ ᠰᠢᠶᠣᠣ ᠹᠧᠩ ᠢᠯᠡᠷᠬᠡᠶᠢᠯᠡᠬᠦ ᠳᠡᠭᠡᠨ᠂ ᠲᠥᠬᠦᠭᠡᠷᠦᠮᠵᠢᠲᠦ ᠲᠠᠷᠢᠶᠠᠯᠠᠩ ᠢ ᠣᠷᠳᠣ ᠬᠤᠭᠤᠴᠠᠭ᠎ᠠ ᠪᠠᠷ ᠡᠵᠡᠩᠨᠡᠵᠦ᠂ ᠣᠷᠳᠣ ᠬᠤᠭᠤᠴᠠᠭ᠎ᠠ ᠪᠠᠷ ᠴᠢᠷᠮᠠᠶᠢᠬᠤ | ᠬᠡᠷᠡᠭᠲᠡᠢ᠃ ︽ᠪᠣᠬᠢᠷᠲᠤᠯ ᠦᠭᠡᠢ᠂ ᠣᠷᠭᠠᠨᠢᠭ ᠢᠶᠠᠷ ᠢᠶᠠᠨ ᠭᠠᠳᠠᠭᠠᠳᠤ ᠶᠢᠨ ᠬᠢᠨ ᠤ ᠠᠩᠬᠠᠷᠤᠯ ᠢ ᠲᠠᠲᠠᠭᠰᠠᠨ ᠦᠵᠦᠮ᠂ ᠪᠠᠮᠪᠠᠷ ᠵᠢᠮᠢᠰ ᠨᠢ ᠢᠷᠡᠭᠡᠳᠦᠢ ᠳᠤ ᠲᠣᠮᠣ | ᠵᠠᠬ᠎ᠠ ᠳᠡᠯᠭᠡᠭᠦᠷ ᠲᠠᠢ ᠪᠣᠯᠬᠤ ᠨᠢ ᠯᠠᠪᠲᠠᠢ︾ ᠭᠡᠪᠡ᠃ | | |