ᠦᠬᠡᠷ ᠤᠨ ᠲᠤᠬᠠᠢ ᠵᠦᠢᠷ ᠰᠡᠴᠡᠨ ᠦᠭᠡᠰ ︵ᠨᠢᠭᠡ︶
ᠨᠡᠶᠢᠲᠡᠯᠡᠭᠰᠡᠨ ᠴᠠᠭ᠄
2024/11/25
      ᠪᠤᠬ᠎ᠠ ᠪᠢᠷᠠᠭᠤ ᠶᠢᠨ ᠠᠭᠠᠰᠢ ᠨᠢ ᠨᠢᠭᠡ      ᠪᠤᠭᠤᠯ ᠵᠠᠷᠤᠴᠠ ᠶᠢᠨ ᠠᠵᠢᠯ ᠨᠢ ᠨᠢᠭᠡ            ᠦᠬᠡᠷ ᠤᠨ ᠡᠪᠡᠷ ᠲᠤ ᠴᠢᠰᠤ ᠲᠣᠭᠲᠠᠬᠤ ᠳᠤ ᠪᠡᠷᠬᠡ            ᠤᠰᠤᠨ ᠳᠡᠭᠡᠷ᠎ᠡ ᠭᠠᠯ ᠲᠦᠯᠡᠬᠦ ᠳᠤ ᠪᠡᠷᠬᠡ            ᠡᠭᠦᠯᠡᠨ ᠳᠡᠭᠡᠷ᠎ᠡ ᠡᠪᠡᠰᠦ ᠤᠷᠭᠤᠬᠤ ᠳᠤ ᠪᠡᠷᠬᠡ      ᠦᠬᠡᠷ ᠤᠨ ᠰᠢᠯᠢ ᠰᠢᠳᠦᠨ ᠳᠤ ᠬᠠᠲᠠᠭᠤ      ᠥᠷᠭᠡᠰᠦ ᠰᠢᠪᠡᠭᠡ ᠨᠢᠳᠦᠨ ᠳᠤ ᠬᠠᠲᠠᠭᠤ      ᠦᠨᠡᠨ ᠦᠭᠡ ᠴᠢᠬᠢᠨ ᠳᠤ ᠬᠠᠲᠠᠭᠤ          ᠦᠬᠡᠷ ᠱᠠᠷ ᠤᠨ ᠬᠠᠮᠠᠷ ᠥᠮᠡᠬᠡᠢ          ᠦᠯᠢᠶᠡᠭᠰᠡᠨ ᠭᠦᠵᠡᠭᠡᠨ ᠤ ᠳᠣᠲᠣᠷ ᠥᠮᠡᠬᠡᠢ          ᠦᠬᠦᠭᠰᠡᠨ ᠮᠠᠯ ᠤᠨ ᠰᠡᠭ ᠥᠮᠡᠬᠡᠢ      ᠦᠬᠡᠷ ᠤᠨ ᠣᠯᠠᠨ ᠨᠢ ᠳᠡᠭᠡᠷ᠎ᠡ      ᠦᠭᠡᠨ ᠤ ᠴᠥᠭᠡᠨ ᠨᠢ ᠳᠡᠭᠡᠷ᠎ᠡ      ᠥᠰ ᠤᠨ ᠬᠤᠯᠠ ᠨᠢ ᠳᠡᠭᠡᠷ᠎ᠡ          ᠪᠡᠯᠴᠢᠭᠡᠷ ᠪᠢᠷᠠᠭᠤ ᠨᠤᠭᠤᠳ ᠤᠨ ᠠᠭᠠᠰᠢ ᠶᠡᠭᠡ          ᠪᠠᠷᠳᠠᠮ ᠲᠡᠨᠡᠭ ᠤᠳ ᠤᠨ ᠣᠮᠤᠭ ᠶᠡᠭᠡ          ᠪᠠᠯᠠᠢ ᠮᠤᠩᠬᠠᠭ ᠤᠳ ᠤᠨ ᠪᠠᠷᠳᠠᠮ ᠶᠡᠭᠡ      ᠪᠤᠬ᠎ᠠ ᠦᠭᠡᠢ ᠭᠠᠵᠠᠷ ᠢ ᠪᠢᠷᠠᠭᠤ ᠡᠵᠡᠮᠳᠡᠬᠦ      ᠪᠣᠷᠣᠭᠠᠨ ᠦᠭᠡᠢ ᠭᠠᠵᠠᠷ ᠢ ᠰᠡᠭᠦᠳᠡᠷ ᠡᠵᠡᠮᠳᠡᠬᠦ      ᠪᠤᠷᠬᠠᠨ ᠦᠭᠡᠢ ᠭᠠᠵᠠᠷ ᠢ ᠪᠣᠮᠪᠤ ᠡᠵᠡᠮᠳᠡᠬᠦ          ᠪᠤᠬ᠎ᠠ ᠪᠤᠬ᠎ᠠ ᠶᠢᠨ ᠮᠥᠭᠡᠷᠡᠬᠦ ᠨᠢ ᠣᠨᠳᠣᠣ          ᠪᠦᠵᠦᠩ ᠲᠠᠤᠯᠠᠢ ᠶᠢᠨ ᠭᠦᠶᠦᠬᠦ ᠨᠢ ᠣᠨᠳᠣᠣ          ᠪᠥᠬᠡ ᠪᠥᠬᠡ ᠶᠢᠨ ᠪᠦᠭᠰᠢᠬᠦ ᠨᠢ ᠣᠨᠳᠣᠣ      ᠦᠬᠡᠷ ᠲᠠᠭᠤᠭᠰᠠᠨ ᠬᠥᠮᠥᠨ ᠳᠤ ᠵᠠᠮ ᠬᠤᠯᠠ      ᠦᠬᠦᠭᠰᠡᠨ ᠬᠥᠮᠥᠨ ᠳᠤ ᠲᠥᠷᠥᠯ ᠬᠤᠯᠠ      ᠦᠭᠡᠶᠢᠭᠦᠦ ᠬᠥᠮᠥᠨ ᠳᠤ ᠵᠢᠷᠭᠠᠯ ᠬᠤᠯᠠ          ᠬᠠᠱᠠᠩ ᠦᠬᠡᠷ ᠲᠤ ᠵᠠᠮ ᠬᠤᠯᠠ          ᠬᠠᠷᠢᠶᠠᠯᠴᠢ ᠬᠥᠮᠥᠨ ᠳᠤ ᠬᠠᠨᠢ ᠬᠤᠯᠠ          ᠬᠠᠷᠠᠮᠴᠢ ᠬᠥᠮᠥᠨ ᠳᠤ ᠬᠦᠰᠡᠯ ᠬᠤᠯᠠ      ᠦᠨᠢᠶ᠎ᠡ ᠲᠤᠭᠤᠯ ᠢᠶᠠᠨ ᠳᠠᠭᠠᠬᠤ      ᠦᠢᠯᠡ ᠦᠢᠯᠡ ᠪᠠᠨ ᠳᠠᠭᠠᠬᠤ      ᠤᠷᠤᠭ ᠲᠥᠷᠥᠯ ᠢᠶᠠᠨ ᠳᠠᠭᠠᠬᠤ          ᠪᠤᠮ ᠦᠭᠡᠨ ᠤ ᠪᠤᠭᠤᠮᠳᠡ ᠨᠢ ᠨᠢᠭᠡ          ᠪᠤᠭᠤᠯ ᠰᠢᠪᠡᠭᠴᠢ ᠶᠢᠨ ᠠᠵᠢᠯ ᠨᠢ ᠨᠢᠭᠡ          ᠪᠤᠬᠠᠨᠳᠠᠢ ᠪᠢᠷᠠᠭᠤ ᠶᠢᠨ ᠠᠭᠠᠰᠢ ᠨᠢ ᠨᠢᠭᠡ                                     ᠬᠤᠷᠴᠠᠪᠢᠯᠢᠭ᠌ ᠠᠷᠪᠢᠨᠪᠠᠶᠠᠷ ᠤᠨ ᠴᠤᠭᠯᠠᠭᠤᠯᠤᠨ ᠡᠮᠬᠢᠳᠬᠡᠭᠰᠡᠨ ︽ᠣᠷᠳᠣᠰ ᠮᠣᠩᠭᠤᠯ ᠤᠨ ᠲᠠᠪᠤᠨ ᠬᠤᠰᠢᠭᠤ ᠮᠠᠯ ᠤᠨ                           ᠢᠷᠦᠭᠡᠯ ᠮᠠᠭᠲᠠᠭᠠᠯ ᠵᠦᠢᠷ ᠰᠡᠴᠡᠨ ᠦᠭᠡ ᠥᠯᠢᠭᠡᠷ ᠲᠣᠮᠤᠭ ︾ ᠠᠴᠠ ᠪᠠᠭᠤᠯᠭᠠᠪᠠ 
ᠢᠷᠡᠯᠲᠡ᠄ ᠣᠲᠤᠭ ᠬᠤᠰᠢᠭᠤᠨ ᠤ ᠠᠷᠠᠳ ᠤᠨ ᠵᠠᠰᠠᠭ ᠤᠨ ᠣᠷᠳᠤᠨ ᠤ ᠠᠯᠪᠠᠨ ᠭᠡᠷ