ᠭᠤᠨ᠎ᠠ ᠬᠦᠴᠦ ᠲᠠᠢ ᠪᠣᠯᠪᠠᠴᠤ | ᠱᠠᠷ ᠢ ᠭᠦᠢᠴᠡᠬᠦ ᠦᠭᠡᠢ | ᠰᠡᠭᠦᠯ ᠵᠠᠯᠭᠠᠪᠠᠯ ᠡᠯᠵᠢᠭᠡ | ᠡᠪᠡᠷ ᠵᠠᠯᠭᠠᠪᠠᠯ ᠦᠬᠡᠷ | ᠱᠠᠷ ᠦᠬᠡᠷ ᠴᠢᠳᠠᠯ ᠲᠠᠢ | ᠰᠢᠷᠠᠭᠰᠠᠨ ᠮᠢᠬ᠎ᠠ ᠠᠮᠲᠠᠲᠠᠢ | ᠲᠤᠭᠤᠯ ᠤᠨ ᠬᠢᠷᠢ ᠪᠠᠷ ᠵᠡᠯ᠎ᠡ ᠲᠠᠲᠠᠨ᠎ᠠ | ᠲᠠᠤᠯᠠᠢ ᠶᠢᠨ ᠬᠢᠷᠢ ᠪᠠᠷ ᠨᠤᠮᠤ ᠲᠠᠲᠠᠨ᠎ᠠ | ᠲᠠᠶ᠋ᠢᠭ ᠤᠨ ᠲᠠᠪᠤᠨ ᠦᠨᠢᠶ᠎ᠡ | ᠲᠠᠰᠢᠭᠤᠷ ᠤᠨ ᠭᠠᠭᠴᠠ ᠮᠣᠷᠢ | ᠲᠡᠵᠢᠭᠡᠭᠰᠡᠨ ᠪᠢᠷᠠᠭᠤ | ᠲᠡᠷᠭᠡ ᠡᠪᠳᠡᠨ᠎ᠡ | ᠲᠤᠭᠤᠯ ᠤᠨ ᠬᠠᠷᠢᠭᠤ ᠪᠢᠷᠠᠭᠤ | ᠲᠤᠰᠤᠨ ᠤ ᠬᠠᠷᠢᠭᠤ ᠦᠭᠡᠬᠦ | ᠲᠤᠭᠤᠯ ᠨᠢ ᠮᠥᠭᠡᠷᠡᠬᠦ ᠦᠭᠡᠢ ᠪᠣᠯ | ᠥᠨᠢᠶ᠎ᠡ ᠨᠢ ᠡᠨᠡᠷᠢᠬᠦ ᠦᠭᠡᠢ | ᠲᠣᠭᠤᠯ ᠲᠡᠵᠢᠭᠡᠪᠡᠯ ᠦᠬᠡᠷ ᠲᠠᠢ ᠪᠣᠯᠣᠨ᠎ᠠ | ᠲᠤᠰᠠ ᠬᠢᠪᠡᠯ ᠠᠴᠢ ᠲᠠᠢ ᠪᠣᠯᠣᠨ᠎ᠠ | ᠪᠤᠶᠠᠨ ᠲᠠᠢ ᠬᠥᠮᠥᠨ ᠤ | ᠪᠤᠬ᠎ᠠ ᠨᠢ ᠲᠤᠭᠤᠯᠯᠠᠬᠤ | ᠬᠦᠴᠦᠯᠡᠬᠦ ᠨᠢ ᠬᠦᠷᠡᠩ ᠦᠬᠡᠷ | ᠮᠢᠯᠢᠶᠠᠬᠤ ᠨᠢ ᠬᠠᠰᠠᠭ ᠲᠡᠷᠭᠡ | ᠵᠢᠳᠬᠦᠭᠰᠡᠨ ᠦᠬᠡᠷ ᠤᠨ | ᠵᠢᠷᠦᠬᠡ ᠶᠢ ᠨᠢ ᠰᠣᠭᠤᠯᠠᠬᠤ | ᠵᠤᠳ ᠢᠷᠡᠪᠡᠯ ᠪᠤᠬ᠎ᠠ ᠳᠡᠭᠡᠷ᠎ᠡ | ᠵᠢᠮᠡᠯᠡᠯ ᠢᠷᠡᠪᠡᠯ ᠠᠬ᠎ᠠ ᠳᠡᠭᠡᠷ᠎ᠡ | ᠪᠤᠤᠷ᠎ᠠ ᠠᠴᠠ ᠠᠶᠤᠭᠰᠠᠨ ᠲᠠᠶᠢᠯᠤᠭ | ᠪᠤᠬ᠎ᠠ ᠪᠠᠷ ᠮᠥᠷᠭᠦᠭᠦᠯᠦᠭᠰᠡᠨ ᠪᠢᠷᠠᠭᠤ | ᠣᠷᠭᠢᠷᠠᠭᠠ ᠪᠤᠬ᠎ᠠ ᠬᠤᠲᠠ ᠶᠢᠨ ᠦᠢᠮᠡᠭᠡᠨ | ᠣᠷᠭᠢᠶ᠎ᠠ ᠬᠥᠮᠥᠨ ᠭᠡᠷ ᠤᠨ ᠦᠢᠮᠡᠭᠡᠨ | ᠪᠤᠬ᠎ᠠ ᠶᠢᠨ ᠳᠣᠣᠷᠠᠬᠢ ᠬᠠᠷᠠᠵᠤ | ᠦᠨᠡᠭᠡ ᠦᠯᠪᠡᠷᠴᠤ ᠦᠬᠦᠬᠦ | ᠪᠤᠭᠤ ᠠᠯᠠᠬᠤ ᠳᠤ ᠪᠠᠶᠠᠷᠯᠠᠬᠤ ᠦᠭᠡᠢ | ᠪᠤᠬ᠎ᠠ ᠠᠯᠠᠬᠤ ᠳᠤ ᠭᠤᠮᠣᠳᠠᠬᠤ ᠦᠭᠡᠢ | ᠪᠢᠷᠠᠭᠤ ᠶᠢᠨ ᠡᠪᠡᠷ ᠲᠤ ᠪᠠᠷᠢᠶ᠎ᠠ ᠲᠣᠭᠲᠠᠬᠤ ᠦᠭᠡᠢ | ᠪᠢᠯᠵᠤᠤᠬᠠᠢ ᠶᠢᠨ ᠠᠮᠠᠨ ᠳᠤ ᠪᠤᠷᠴᠠᠭ ᠪᠠᠭᠲᠠᠬᠤ ᠦᠭᠡᠢ | ᠪᠤᠬᠠᠨ ᠮᠢᠬ᠎ᠠ ᠢᠳᠡᠪᠡᠴᠦ ᠴᠠᠳᠬᠤ ᠦᠭᠡᠢ | ᠪᠤᠯᠠᠭ ᠤᠨ ᠤᠰᠤ ᠤᠤᠭᠤᠪᠠᠴᠤ ᠬᠠᠩᠬᠤ ᠦᠭᠡᠢ | ᠡᠪᠡᠷ ᠦᠭᠡᠢ ᠦᠬᠡᠷ | ᠰᠡᠭᠦᠯ ᠦᠭᠡᠢ ᠡᠯᠵᠢᠭᠡ | ᠰᠦᠷᠦᠭ ᠲᠤ ᠦᠭᠡᠢ ᠪᠤᠬ᠎ᠠ | ᠰᠦᠮ᠎ᠡ ᠳᠤ ᠦᠭᠡᠢ ᠯᠠᠮᠠ | ᠦᠬᠡᠷ ᠢᠳᠡᠭᠰᠡᠨ ᠢᠶᠠᠨ ᠬᠡᠪᠢᠬᠦ | ᠬᠥᠮᠥᠨ ᠰᠤᠷᠤᠭᠰᠠᠨ ᠢᠶᠠᠨ ᠳᠠᠪᠲᠠᠬᠤ | ᠪᠤᠬ᠎ᠠ ᠶᠢᠨ ᠬᠠᠮᠠᠷ ᠢ ᠨᠢᠳᠤᠷᠭ᠎ᠠ ᠪᠠᠷ | ᠪᠤᠷᠤᠭᠤ ᠲᠠᠢ ᠬᠥᠮᠥᠨ ᠢ ᠦᠭᠡ ᠪᠠᠷ | ᠦᠨᠡᠰᠦ ᠪᠠᠨ ᠪᠢᠲᠡᠭᠡᠢ ᠭᠠᠯ ᠲᠠᠢ ᠰᠠᠴᠤ︕ | ᠦᠬᠡᠷ ᠢᠶᠠᠨ ᠪᠢᠳᠡᠭᠡᠢ ᠡᠵᠡᠨ ᠦᠭᠡᠢ ᠬᠠᠶᠠ︕ | ᠪᠤᠷᠤᠭᠤ ᠪᠤᠷᠤᠭᠤ ᠭᠤᠷᠪᠠᠨ ᠪᠤᠷᠤᠭᠤ | ᠪᠤᠬ᠎ᠠ ᠪᠠᠨ ᠠᠯᠠᠭᠠᠳ ᠳᠥᠷᠪᠡᠨ ᠪᠤᠷᠤᠭᠤ | ᠬᠥᠮᠥᠨ ᠬᠥᠭᠰᠢᠷᠡᠪᠡᠴᠦ ᠰᠠᠨᠠᠭ᠎ᠠ ᠨᠢ ᠬᠥᠭᠰᠢᠷᠡᠬᠦ ᠦᠭᠡᠢ | ᠪᠤᠬ᠎ᠠ ᠬᠥᠭᠰᠢᠷᠡᠪᠡᠴᠦ ᠬᠠᠮᠠᠷ ᠨᠢ ᠬᠥᠭᠰᠢᠷᠡᠬᠦ ᠦᠭᠡᠢ | ᠪᠤᠬ᠎ᠠ ᠲᠠᠯᠪᠢᠪᠠᠯ ᠨᠢᠭᠡ ᠦᠬᠡᠷ ᠰᠦᠢᠳᠦᠨᠡ | ᠯᠠᠮᠠ ᠪᠣᠯᠭᠠᠪᠠᠯ ᠨᠢᠭᠡ ᠡᠷᠦᠬᠡ ᠰᠦᠢᠳᠦᠨᠡ | ᠪᠤᠬ᠎ᠠ ᠰᠦᠷᠦᠭ ᠤᠨ ᠬᠠᠭᠠᠰ ᠲᠤ ᠲᠡᠩᠴᠡᠬᠦ | ᠪᠤᠭᠤᠷᠤᠯ ᠪᠦᠯᠢ ᠶᠢᠨ ᠶᠡᠬᠡᠩᠬᠢ ᠲᠠᠢ ᠲᠡᠩᠴᠡᠬᠦ | ᠪᠤᠷᠬᠠᠨ ᠳᠤ ᠪᠠᠨ ᠢᠲᠡᠭᠡᠵᠦ ᠨᠢᠷᠭᠡᠭᠦᠯᠬᠦ | ᠪᠤᠬᠠᠨ ᠳᠤ ᠪᠠᠨ ᠢᠲᠡᠭᠡᠵᠦ ᠮᠥᠷᠭᠦᠭᠦᠯᠬᠦ | ᠬᠦᠷᠭᠡᠨ ᠬᠥᠮᠥᠨ ᠳᠤ ᠬᠦᠴᠦ ᠦᠭᠡᠢ | ᠬᠦᠷᠡᠭᠴᠢ ᠦᠨᠢᠶᠡᠨ ᠳᠤ ᠨᠡᠷ᠎ᠡ ᠦᠭᠡᠢ | ᠦᠨᠡᠨ ᠢᠶᠠᠷ ᠢᠶᠠᠨ ᠶᠠᠪᠤᠭᠰᠠᠨ ᠬᠥᠮᠥᠨ | ᠦᠬᠡᠷ ᠲᠡᠷᠭᠡ ᠪᠠᠷ ᠲᠠᠤᠯᠠᠢ ᠭᠦᠢᠴᠡᠬᠦ᠃ | | ᠬᠤᠷᠴᠠᠪᠢᠯᠢᠭ᠌ ᠠᠷᠪᠢᠨᠪᠠᠶᠠᠷ ᠤᠨ ᠴᠤᠭᠯᠠᠭᠤᠯᠤᠨ ᠡᠮᠬᠢᠳᠬᠡᠭᠰᠡᠨ ︽ᠣᠷᠳᠣᠰ ᠮᠣᠩᠭᠤᠯ ᠤᠨ ᠲᠠᠪᠤᠨ ᠬᠤᠰᠢᠭᠤ | ᠮᠠᠯ ᠤᠨ ᠢᠷᠦᠭᠡᠯ ᠮᠠᠭᠲᠠᠭᠠᠯ ᠵᠦᠢᠷ ᠰᠡᠴᠡᠨ ᠦᠭᠡ ᠥᠯᠢᠭᠡᠷ ᠲᠣᠮᠤᠭ ︾ ᠠᠴᠠ ᠪᠠᠭᠤᠯᠭᠠᠪᠠ | | | | | |