ᠮᠤᠩᠭᠤᠯᠴᠤᠳ ᠶᠡᠷᠤ ᠨᠢ ᠲᠠᠪᠤᠨ ᠬᠤᠰᠢᠭᠤ ᠮᠠᠯ ᠤᠨ ᠢᠶᠠᠨ ᠠᠷᠠᠰᠦ ᠰᠢᠷᠢ ᠶᠢ ᠪᠠᠶᠢᠳᠠᠯ ᠳᠠᠭᠠᠨ ᠲᠤᠬᠢᠷᠠᠭᠤᠯᠤᠨ ᠤᠯᠠᠨ ᠵᠦᠢᠯ ᠤᠨ ᠠᠷᠭ᠎ᠠ ᠲᠡᠮ ᠢᠶᠠᠷ | ᠡᠯᠳᠡᠵᠦ ᠪᠤᠯᠪᠠᠰᠤᠷᠠᠭᠤᠯᠤᠨ᠂ ᠦᠢᠯᠡᠳᠪᠤᠷᠢᠯᠡᠯ ᠠᠮᠢᠳᠤᠷᠠᠯ ᠲᠤᠮᠳᠠ ᠪᠠᠨ ᠦᠷᠬᠡᠨ ᠢᠶᠠᠷ ᠠᠰᠢᠭᠯᠠᠭᠰᠠᠭᠠᠷ ᠢᠷᠡᠭᠰᠡᠨ ᠪᠢᠯᠡ᠃ ᠣᠲᠤᠭ ᠬᠤᠰᠢᠭᠤᠨ ᠤ ᠮᠠᠯᠴᠢᠨ | ᠲᠡᠮᠴᠤᠭᠵᠠᠪ ᠨᠠᠰᠤᠲᠠᠨ ᠠᠷᠠᠰᠤ ᠰᠢᠷᠢ ᠶᠢ ᠪᠤᠯᠪᠠᠰᠤᠷᠠᠭᠤᠯᠤᠨ ᠡᠯ᠎ᠡ ᠵᠦᠢᠯ ᠤᠨ ᠠᠷᠠᠰᠤᠨ ᠡᠳ᠋ᠯᠡᠯ ᠦᠢᠯᠡᠳᠴᠦ᠂ ᠤᠯᠠᠮᠵᠢᠯᠠᠯᠳᠤ ᠦᠪ ᠰᠤᠶᠤᠯ ᠢᠶᠠᠨ ᠤᠯᠠᠮᠵᠢᠯᠠᠨ | ᠲᠡᠯᠬᠡᠷᠡᠬᠦᠯᠵᠦ᠂ ᠤᠳᠤ ᠪᠤᠯᠬᠤ ᠳᠤ ᠬᠠᠰᠢᠷ ᠲᠤᠷᠰᠢᠯᠭ᠎ᠠ ᠲᠠᠢ ᠠᠷᠠᠰᠤ ᠰᠢᠷᠢ ᠪᠤᠯᠪᠠᠰᠤᠷᠠᠭᠤᠯᠬᠤ ᠤᠷ᠎ᠠ ᠮᠡᠷᠭᠡᠵᠢᠯ ᠤᠨ ᠪᠤᠳᠠᠰ ᠤᠨ ᠪᠤᠰᠤ ᠰᠤᠶᠤᠯ ᠤᠨ ᠦᠪ ᠤᠨ | ᠤᠯᠠᠮᠵᠢᠯᠠᠭᠴᠢ ᠪᠤᠯᠵᠠᠢ᠃ | ᠲᠡᠮᠴᠤᠭᠵᠠᠪ ᠨᠠᠰᠤᠲᠠᠨ ᠬᠠᠷᠠᠬᠠᠨ ᠪᠠᠭ᠎ᠠ ᠠᠴᠠ ᠪᠠᠨ ᠠᠳᠤᠭᠤ ᠮᠠᠯ ᠬᠠᠷᠢᠭᠤᠯᠤᠨ ᠮᠠᠯᠴᠢᠨ ᠠᠮᠢᠳᠤᠷᠠᠯ ᠢᠶᠠᠨ ᠡᠯᠬᠦᠵᠦ᠂ ᠨᠠᠭᠠᠴᠦ ᠠᠪᠤ ᠠᠴᠠ ᠪᠠᠨ ᠡᠯᠳᠡᠪ | ᠵᠦᠢᠯ ᠤᠨ ᠠᠷᠠᠰᠤᠨ ᠬᠡᠷᠡᠭᠰᠡᠯ ᠰᠤᠷ ᠡᠳ᠋ᠯᠡᠯ ᠬᠢᠵᠦ ᠦᠢᠯᠡᠳᠬᠦ ᠶᠢ ᠰᠤᠷᠴᠦ ᠡᠵᠡᠮᠰᠢᠭᠰᠡᠨ ᠪᠠᠶᠢᠵᠠᠢ᠃ | ᠤᠶᠢᠯᠠᠭᠠᠭᠰᠠᠨ ᠢᠶᠠᠷ᠂ ᠠᠷᠠᠰᠤ ᠰᠢᠷᠢ ᠶᠢ ᠡᠯᠳᠡᠵᠦ ᠪᠤᠯᠪᠠᠰᠤᠷᠠᠭᠤᠯᠬᠤ ᠳᠤ ᠢᠳᠡᠭᠡᠯᠡᠬᠦ ᠶᠠᠪᠤᠴᠠ ᠪᠤᠯ ᠲᠤᠩ ᠴᠢᠬᠤᠯᠠ ᠪᠠᠶᠢᠵᠦ᠂ ᠡᠪᠤᠯ ᠨᠢᠳᠦᠯᠤᠭᠰᠠᠨ ᠮᠠᠯ | ᠤᠨ ᠠᠷᠠᠰᠤ ᠪᠤᠯ ᠬᠠᠮᠤᠭ ᠤᠨ ᠰᠠᠶᠢᠨ ᠲᠦᠬᠦᠬᠡᠢ ᠮᠠᠲ᠋ᠧᠷᠢᠶᠠᠯ ᠪᠤᠯᠳᠠᠭ᠃ ᠢᠳᠡᠬᠡᠯᠡᠬᠦ ᠳᠤ ᠭᠤᠤᠯᠳᠠᠭᠤ ᠰᠦ᠂ ᠴᠠᠭ᠎ᠠ᠂ ᠰᠢᠷ᠎ᠠ ᠤᠰᠤᠨ ᠳᠤ ᠲᠡᠪᠳᠦᠬᠡᠵᠦ | ᠵᠦᠬᠡᠯᠡᠷᠡᠬᠦᠯᠬᠦ ᠪᠠ ᠠᠷᠠᠰᠤᠨ ᠳᠤ ᠨᠢ ᠨᠠᠭᠠᠯᠳᠤᠭᠰᠠᠨ ᠰᠢᠷ᠎ᠠ ᠮᠢᠬ᠎ᠠ᠂ ᠦᠯᠡᠳᠡᠵᠦ ᠬᠤᠴᠣᠷᠤᠭᠰᠠᠨ ᠦᠰᠦ ᠶᠢ ᠠᠷᠢᠯᠭᠠᠨ ᠴᠡᠪᠡᠷᠯᠡᠵᠦ᠂ ᠬᠦᠢᠴᠡᠳ ᠢᠳᠡᠭᠡ | ᠤᠷᠤᠭᠰᠠᠨ ᠤ ᠲᠠᠷᠠᠭ᠎ᠠ ᠡᠯᠳᠡᠵᠦ ᠪᠤᠯᠪᠠᠰᠤᠷᠠᠭᠤᠯᠳᠠᠭ᠃ ᠠᠷᠠᠰᠦ ᠰᠢᠷᠢ ᠶᠢ ᠠᠰᠢᠭᠯᠠᠵᠦ ᠬᠡᠷᠡᠭᠯᠡᠬᠦ ᠵᠤᠷᠢᠯᠳᠡ ᠤᠨᠳᠤᠤ ᠪᠤᠯᠬᠤᠷ ᠢᠳᠡᠭᠡᠯᠡᠵᠦ ᠪᠤᠯᠪᠠᠰᠤᠷᠠᠭᠤᠯᠬᠤ | ᠶᠠᠪᠤᠴᠠ ᠪᠠ ᠠᠷᠭ᠎ᠠ ᠪᠠᠷᠢᠯ ᠨᠢ ᠴᠦ ᠤᠨᠳᠤᠤ ᠶᠤᠮ᠃ | ᠠᠷᠠᠰᠤ ᠪᠤᠯᠪᠠᠰᠤᠷᠠᠭᠤᠯᠬᠤ ᠶᠠᠪᠤᠴᠠ ᠳᠤ ᠪᠠᠭᠠᠬᠠᠨ ᠠᠯᠮᠠᠶᠢᠷᠠᠪᠠᠯ ᠦᠩᠭᠡ ᠨᠢ ᠮᠠᠭᠤᠬᠠᠢ ᠮᠦᠷᠳᠡᠭᠡᠨ ᠢᠯᠵᠠᠷᠠᠵᠦ ᠡᠪᠳᠡᠷᠡᠳᠡᠭ᠃ ᠲᠠᠶᠢᠮᠦ ᠠᠴᠠ ᠲᠡᠮᠴᠤᠭᠵᠠᠪ | ᠨᠠᠰᠤᠳᠠᠨ ᠡᠳᠡᠭᠡᠷ ᠨᠠᠷᠢᠯᠢᠭ ᠬᠢᠴᠡ ᠶᠢ ᠨᠢᠬᠡ ᠨᠢᠬᠡ ᠠᠯᠬᠤᠮ ᠢᠶᠠᠷ ᠦᠪᠡᠷ ᠢᠶᠠᠨ ᠬᠦᠢᠴᠡᠳᠬᠡᠵᠦ᠂ ᠪᠦᠬᠦ ᠶᠠᠪᠤᠴᠠ ᠳᠤ ᠵᠢᠭᠠᠬᠠᠨ ᠴᠦ ᠰᠠᠯᠤᠯ ᠦᠬᠡᠢ ᠠᠵᠢᠭᠯᠠᠵᠦ | ᠨᠢᠮᠪᠡᠢ ᠤᠷᠤᠯᠳᠤᠵᠦ ᠶᠠᠪᠤᠳᠠᠭ ᠢᠶᠠᠷ ᠲᠡᠭᠦᠨ ᠤ ᠪᠤᠯᠪᠠᠰᠤᠷᠠᠭᠤᠯᠤᠭᠰᠠᠨ ᠠᠷᠠᠰᠤ ᠨᠢ ᠪᠤᠰᠤᠳ ᠤᠨ ᠬᠢ ᠠᠴᠠ ᠴᠢᠨᠠᠷ ᠰᠠᠶᠢᠨ᠂ ᠬᠠᠷᠢᠮᠠᠬᠠᠢ ᠴᠢᠨᠠᠷ ᠲᠠᠢ ᠮᠦᠷᠳᠡᠬᠡᠨ | ᠦᠩᠭᠡ ᠨᠢ ᠰᠠᠶᠢᠨ ᠪᠠᠶᠢᠳᠠᠭ ᠠᠴᠠ ᠬᠤᠯᠠ ᠤᠶᠢᠷ᠎ᠠ ᠶᠢᠨ ᠮᠠᠯᠴᠢᠳ ᠲᠡᠭᠦᠨ ᠢ ᠡᠷᠢᠵᠦ ᠬᠠᠵᠠᠭᠠᠷ ᠨᠤᠭᠳᠤ᠂ ᠲᠤᠱᠠ ᠴᠢᠳᠤᠷ᠂ ᠭᠠᠨᠵᠤᠭ᠎ᠠ ᠵᠢᠷᠢᠮ ᠬᠢᠯᠬᠡᠳᠡᠭ | ᠪᠠᠶᠢᠯ᠎ᠠ᠃ | ᠴᠠᠭ ᠦᠶ᠎ᠡ ᠶᠢᠨ ᠲᠠᠪᠰᠢᠯᠳᠡ᠂ ᠮᠠᠰᠢᠨ ᠮᠧᠬᠠᠨᠢᠭᠵᠢᠯᠠᠯᠳᠠ ᠶᠢᠨ ᠲᠦᠬᠡᠮᠡᠯᠵᠢᠯᠠᠯᠳᠠ ᠶᠢ ᠲᠠᠭᠠᠯᠳᠤᠨ ᠠᠷᠠᠰᠤ ᠰᠢᠷᠢ ᠶᠢ ᠡᠳ᠋ᠰᠢᠬᠦᠯᠦᠨ ᠪᠤᠯᠪᠠᠰᠤᠷᠠᠭᠤᠯᠵᠦ | ᠴᠢᠳᠠᠬᠤ ᠬᠦᠮᠦᠨ ᠡᠳᠦᠷ ᠠᠴᠠ ᠡᠳᠦᠷ ᠴᠦᠬᠡᠷᠡᠭᠰᠡᠨ ᠪᠤᠯᠪᠠᠴᠦ ᠲᠡᠮᠴᠤᠭᠵᠠᠪ ᠨᠠᠰᠤᠳᠠᠨ ᠮᠥᠨ ᠯᠡ ᠡᠨᠡᠬᠦ ᠭᠠᠷ ᠤᠷᠠᠯᠠᠯ ᠢᠶᠠᠷ ᠤᠯᠠᠮᠵᠢᠯᠠᠯᠳᠤ ᠪᠦᠳᠦᠬᠡᠭᠳᠡᠭᠦᠨ ᠢᠶᠠᠨ | ᠦᠢᠯᠡᠳᠴᠦ᠂ ᠮᠠᠯ ᠤᠨ ᠠᠰᠢᠭ ᠰᠢᠮ᠎ᠡ ᠶᠢ ᠪᠦᠷᠢᠨ ᠰᠠᠶᠢᠬᠠᠨ ᠠᠰᠢᠭᠯᠠᠵᠦ᠂ ᠤᠯᠠᠮᠵᠢᠯᠠᠯᠳᠤ ᠦᠪ ᠰᠤᠶᠤᠯ ᠢᠶᠠᠨ ᠤᠯᠠᠮᠵᠢᠯᠠᠨ᠎ᠠ᠃ | | ᠰᠤᠷᠪᠤᠯᠵᠢᠯᠠᠭᠴᠢ᠄ ᠪᠠᠢ ᠰᠠᠶᠢᠨᠪᠢᠯᠢᠭ᠌ ᠡᠷᠳᠡᠨᠢᠲᠠᠨ᠎ᠠ |