ᠲᠡᠮᠡᠬᠡᠨ ᠤ ᠲᠤᠬᠠᠢ ᠵᠦᠢᠷ ᠰᠡᠴᠡᠨ ᠦᠭᠡᠰ ︵ᠨᠢᠭᠡ︶
ᠨᠡᠶᠢᠲᠡᠯᠡᠭᠰᠡᠨ ᠴᠠᠭ᠄
2024/12/16
      ᠵᠠᠭᠤᠳᠠᠭ ᠪᠤᠤᠷ᠎ᠠ ᠶᠢᠨ ᠰᠢᠯᠢ ᠶᠢᠨ ᠤᠯᠠᠭᠠᠨ      ᠵᠠᠪᠬᠠᠢ ᠡᠬᠡᠨᠡᠷ ᠤᠨ ᠠᠮᠠ ᠨᠢ ᠤᠯᠠᠭᠠᠨ      ᠵᠠᠪᠳᠤᠨ ᠡᠷ᠎ᠡ ᠶᠢᠨ ᠨᠢᠳᠦ ᠨᠢ ᠤᠯᠠᠭᠠᠨ            ᠡᠪᠤᠯ ᠳᠤ ᠤᠷᠤᠭᠰᠠᠨ ᠪᠤᠤᠷ᠎ᠠ ᠭᠠᠯᠵᠠᠭᠤ            ᠦᠶᠡᠷ ᠠᠴᠠ ᠪᠠᠭᠤᠭᠰᠠᠨ ᠤᠰᠤ ᠭᠠᠯᠵᠠᠭᠤ            ᠦᠯᠦᠩ ᠠᠴᠠ ᠨᠣᠴᠣᠭᠰᠠᠨ ᠭᠠᠯ ᠭᠠᠯᠵᠠᠭᠤ      ᠪᠤᠤᠷᠠᠨ ᠲᠡᠮᠡᠬᠡᠨ ᠳᠤ ᠪᠤᠶᠢᠯᠡ ᠪᠣᠷᠠᠨᠳᠠᠭ ᠬᠡᠷᠡᠭ ᠲᠠᠢ      ᠪᠣᠯᠪᠠᠷᠠᠢ ᠬᠡᠦᠬᠡᠨ ᠳᠤ ᠵᠠᠰᠠᠯ ᠵᠢᠮᠰᠡᠭ ᠬᠡᠷᠡᠭ ᠲᠠᠢ      ᠪᠤᠭᠤᠯ ᠵᠠᠷᠤᠴᠠ ᠳᠤ ᠪᠢᠯᠳᠠᠤᠴᠢ ᠴᠢᠷᠠᠢ ᠬᠡᠷᠡᠭ ᠲᠠᠢ            ᠪᠤᠷᠤ ᠲᠡᠮᠡᠬᠡᠨ ᠤ ᠪᠤᠷᠠᠨᠳᠠᠭ ᠰᠠᠶᠢᠬᠠᠨ            ᠪᠤᠭᠤᠷᠤᠯ ᠠᠪᠤ ᠶᠢᠨ ᠰᠤᠷᠭᠠᠯ ᠰᠠᠶᠢᠬᠠᠨ            ᠪᠤᠳᠤᠵᠤ ᠣᠯᠬᠤ ᠳᠤ ᠤᠬᠠᠭᠠᠨ ᠰᠠᠶᠢᠬᠠᠨ      ᠭᠠᠭᠴᠠ ᠲᠡᠮᠡᠭᠡ ᠲᠠᠢ ᠬᠥᠮᠥᠨ ᠳᠤ ᠡᠷᠢᠯ ᠲᠠᠰᠤᠷᠠᠬᠤ ᠦᠭᠡᠢ      ᠬᠤᠶᠠᠷ ᠡᠮ᠎ᠡ ᠲᠠᠢ ᠬᠥᠮᠥᠨ ᠳᠤ ᠬᠡᠷᠡᠭᠦᠯ ᠲᠠᠰᠤᠷᠠᠬᠤ ᠦᠭᠡᠢ      ᠬᠤᠪᠴᠢ ᠬᠤᠩᠰᠢᠶᠠᠷ ᠲᠠᠢ ᠬᠥᠮᠥᠨ ᠤᠷᠰᠢᠭ ᠲᠠᠰᠤᠷᠠᠬᠤ ᠦᠭᠡᠢ            ᠲᠡᠮᠡᠭᠡ ᠭᠤᠪᠢ ᠳᠤ ᠪᠠᠨ ᠴᠢᠮᠡᠭ            ᠲᠡᠷᠭᠡ ᠬᠤᠲᠠ ᠳᠤ ᠪᠠᠨ ᠴᠢᠮᠡᠭ            ᠲᠡᠭᠡ ᠲᠠᠯ᠎ᠠ ᠳᠤ ᠪᠠᠨ ᠴᠢᠮᠡᠭ      ᠲᠡᠮᠡᠭᠡ ᠮᠠᠩᠬᠠᠨ ᠳᠤᠮᠳᠠᠭᠤᠷ      ᠲᠡᠨᠡᠭ ᠬᠥᠮᠥᠨ ᠲᠡᠭ ᠳᠤᠮᠳᠠᠭᠤᠷ      ᠲᠡᠷᠭᠡ ᠤᠨᠤᠭ᠎ᠠ ᠵᠠᠮ ᠳᠤᠮᠳᠠᠭᠤᠷ            ᠤᠷᠤᠭᠰᠠᠨ ᠪᠤᠤᠷ᠎ᠠ ᠶᠢᠨ ᠰᠢᠯᠢ ᠴᠣᠭᠤᠷᠬᠠᠢ            ᠣᠷᠣᠬᠤ ᠲᠡᠭᠷᠢ ᠶᠢᠨ ᠣᠷᠣᠢ ᠴᠤᠭᠤᠷᠬᠠᠢ            ᠤᠢ ᠪᠣᠯᠤᠭ᠎ᠠ ᠦᠭᠡᠢ ᠬᠡᠦᠬᠡᠳ ᠤᠨ ᠵᠤᠯᠠᠢ ᠴᠣᠭᠤᠷᠬᠠᠢ      ᠬᠤᠪᠳᠤᠭ ᠬᠥᠮᠥᠨ ᠳᠤ ᠲᠡᠮᠡᠭᠡ ᠪᠠᠭ᠎ᠠ      ᠬᠤᠶᠢᠬᠤᠷ ᠬᠥᠮᠥᠨ ᠳᠤ ᠰᠠᠬᠠᠯ ᠪᠠᠭ᠎ᠠ      ᠬᠤᠶᠠᠯᠢ ᠡᠬᠡᠨᠡᠷ ᠲᠤ ᠬᠠᠶᠢᠷ᠎ᠠ ᠪᠠᠭ᠎ᠠ            ᠢᠩᠭᠡ ᠳᠠᠭᠠᠷᠠᠪᠠᠯ ᠬᠡᠪᠢᠬᠦ ᠪᠠᠨ ᠮᠡᠳᠡᠬᠦ ᠦᠭᠡᠢ            ᠢᠷᠭᠡ ᠲᠠᠷᠭᠤᠯᠠᠪᠠᠯ ᠬᠡᠪᠲᠡᠬᠦ ᠪᠠᠨ ᠮᠡᠳᠡᠬᠦ ᠦᠭᠡᠢ            ᠡᠷ᠎ᠡ ᠭᠠᠴᠢᠭᠳᠠᠪᠠᠯ ᠤᠨᠲᠠᠬᠤ ᠪᠠᠨ ᠮᠡᠳᠡᠬᠦ ᠦᠭᠡᠢ      ᠬᠥᠮᠥᠨ ᠭᠡᠮ ᠢᠶᠠᠨ ᠮᠡᠳᠡᠬᠦ ᠦᠭᠡᠢ      ᠲᠡᠮᠡᠭᠡ ᠭᠡᠳᠡᠭᠡᠷ ᠢᠶᠠᠨ ᠮᠡᠳᠡᠬᠦ ᠦᠭᠡᠢ      ᠬᠦᠷᠡᠨ᠎ᠡ ᠦᠮᠡᠬᠡᠢ ᠪᠠᠨ ᠮᠡᠳᠡᠬᠦ ᠦᠭᠡᠢ            ᠨᠣᠣᠯᠣᠭᠤᠷ ᠦᠭᠡᠢ ᠲᠡᠮᠡᠭᠡ ᠶᠢ ᠵᠤᠯᠭᠠᠬᠤ ᠳᠤ ᠰᠠᠶᠢᠨ            ᠨᠤᠯᠳᠤᠷᠠᠭᠰᠠᠨ ᠲᠤᠯᠤᠭᠠᠢ ᠶᠢ ᠮᠥᠯᠵᠢᠬᠦ ᠳᠤ ᠰᠠᠶᠢᠨ            ᠨᠣᠮᠣᠬᠠᠨ ᠬᠥᠮᠥᠨ ᠢ ᠨᠤᠤᠯᠠᠬᠤ ᠳᠤ ᠰᠠᠶᠢᠨ                                       ᠬᠤᠷᠴᠠᠪᠢᠯᠢᠭ᠌ ᠠᠷᠪᠢᠨᠪᠠᠶᠠᠷ ᠤᠨ ᠴᠤᠭᠯᠠᠭᠤᠯᠤᠨ ᠡᠮᠬᠢᠳᠬᠡᠭᠰᠡᠨ ︽ᠣᠷᠳᠣᠰ ᠮᠣᠩᠭᠤᠯ ᠤᠨ ᠲᠠᠪᠤᠨ ᠬᠤᠰᠢᠭᠤ                                       ᠮᠠᠯ ᠤᠨ ᠢᠷᠦᠭᠡᠯ ᠮᠠᠭᠲᠠᠭᠠᠯ ᠵᠦᠢᠷ ᠰᠡᠴᠡᠨ ᠦᠭᠡ ᠥᠯᠢᠭᠡᠷ ᠲᠣᠮᠤᠭ ︾ ᠠᠴᠠ ᠪᠠᠭᠤᠯᠭᠠᠪᠠ 
ᠢᠷᠡᠯᠲᠡ᠄ ᠣᠲᠤᠭ ᠬᠤᠰᠢᠭᠤᠨ ᠤ ᠠᠷᠠᠳ ᠤᠨ ᠵᠠᠰᠠᠭ ᠤᠨ ᠣᠷᠳᠤᠨ ᠤ ᠠᠯᠪᠠᠨ ᠭᠡᠷ