ᠦᠬᠡᠷ ᠲᠠᠭᠤᠭᠰᠠᠨ ᠬᠥᠮᠥᠨ ᠬᠦᠷᠦᠨ ᠬᠦᠷᠲᠡᠯ᠎ᠡ ᠵᠣᠪᠠᠳᠠᠭ | ᠦᠨᠳᠦᠰᠦ ᠮᠠᠭᠤ ᠮᠤᠳᠤ ᠤᠨᠠᠨ ᠤᠨᠠᠲᠠᠯ᠎ᠠ ᠵᠣᠪᠠᠳᠠᠭ | ᠦᠷ᠎ᠡ ᠮᠠᠭᠤ ᠬᠥᠮᠥᠨ ᠦᠬᠦᠨ ᠦᠬᠦᠲᠡᠯ᠎ᠡ ᠵᠣᠪᠠᠳᠠᠭ | ᠡᠬᠡ ᠶᠢ ᠨᠢ ᠡᠴᠡᠭᠡᠬᠦ ᠦᠭᠡᠢ | ᠲᠤᠭᠤᠯ ᠢ ᠨᠢ ᠲᠤᠷᠠᠭᠠᠬᠤ ᠦᠭᠡᠢ | ᠦᠨᠡᠨ ᠦᠭᠡ ᠴᠢᠬᠢᠨ ᠳᠤ ᠬᠠᠲᠠᠭᠤ | ᠦᠬᠡᠷ ᠤᠨ ᠮᠢᠬ᠎ᠠ ᠰᠢᠳᠤᠨ ᠳᠤ ᠬᠠᠲᠠᠭᠤ | ᠦᠬᠡᠷ ᠲᠡᠷᠭᠡᠯ ᠬᠥᠭᠯᠡᠪᠡᠯ | ᠦ ᠬᠠᠢ ᠶᠢ ᠮᠡᠳᠡᠬᠦ ᠦᠭᠡᠢ | ᠦᠬᠡᠷ ᠰᠢᠭ ᠬᠠᠱᠠᠩ | ᠦᠨᠡᠭᠡ ᠰᠢᠭ ᠬᠤᠯᠵᠢᠨ | ᠵᠠᠭᠤᠨ ᠦᠬᠡᠷ ᠲᠠᠢ ᠶᠠᠪᠤᠬᠤ ᠪᠠᠷ ᠢᠶᠠᠨ | ᠵᠠᠭᠤᠨ ᠨᠥᠬᠦᠷ ᠲᠠᠢ ᠶᠠᠪᠤᠭᠰᠠᠨ ᠳᠡᠭᠡᠷ᠎ᠡ | ᠦᠬᠡᠷ ᠢᠶᠠᠷ ᠳᠤᠲᠠᠬᠤ ᠠᠴᠠ ᠪᠢᠰᠢ | ᠦᠭᠡ ᠪᠠᠷ ᠳᠤᠲᠠᠬᠤ ᠦᠭᠡᠢ | ᠦᠭᠡᠨ ᠳᠤᠲᠤᠷ᠎ᠠ ᠦᠭᠡ ᠲᠠᠢ | ᠦᠨᠢᠶᠡᠨ ᠳᠤᠲᠤᠷ᠎ᠠ ᠲᠤᠭᠤᠯ ᠲᠠᠢ | ᠦᠬᠡᠷ ᠤᠨ ᠤᠯᠠᠨ ᠨᠢ ᠰᠠᠶᠢᠨ | ᠦᠭᠡ ᠶᠢᠨ ᠴᠥᠭᠡᠨ ᠨᠢ ᠰᠠᠶᠢᠨ | ᠦᠬᠡᠷ ᠥᠲᠡᠯᠪᠡᠴᠦ ᠡᠪᠡᠷ ᠲᠠᠢ ᠪᠠᠷ ᠢᠶᠠᠨ | ᠪᠠᠷᠰ ᠥᠲᠡᠯᠪᠡᠴᠦ ᠡᠷᠢᠶᠡᠨ ᠢᠶᠠᠷ ᠢᠶᠠᠨ | ᠪᠤᠬ᠎ᠠ ᠦᠭᠡᠢ ᠬᠥᠮᠥᠨ ᠳᠤ ᠦᠨᠢᠶ᠎ᠡ ᠬᠡᠷᠡᠭ ᠦᠭᠡᠢ | ᠪᠤᠶᠠᠨ ᠦᠭᠡᠢ ᠬᠥᠮᠥᠨ ᠳᠤ ᠣᠯᠵᠠ ᠬᠡᠷᠡᠭ ᠦᠭᠡᠢ | ᠪᠤᠷᠬᠠᠨ ᠳᠤ ᠮᠥᠷᠭᠦᠭᠰᠡᠨ ᠠᠴᠠ | ᠪᠢᠷᠠᠭᠤ ᠪᠠᠨ ᠰᠤᠷᠭᠠᠭᠰᠠᠨ ᠳᠡᠭᠡᠷ᠎ᠡ | ᠪᠤᠷᠤᠭᠤ ᠦᠰᠬᠡᠭᠰᠡᠨ ᠬᠡᠦᠬᠡᠳ | ᠪᠤᠬ᠎ᠠ ᠶᠢᠨ ᠬᠦᠵᠦᠭᠦᠦ ᠠᠴᠠ ᠭᠡᠴᠡᠭᠦᠦ | ᠪᠤᠬ᠎ᠠ ᠲᠠᠢ ᠪᠣᠯᠪᠠᠴᠤ ᠬᠤᠰᠠᠷᠠᠨᠠ | ᠪᠤᠷᠬᠠᠨ ᠲᠠᠢ ᠪᠣᠯᠪᠠᠴᠤ ᠥᠬᠦᠨᠡ | ᠪᠤᠷᠬᠠᠨ ᠳᠤ ᠮᠥᠷᠭᠦᠨᠡᠨ | ᠪᠤᠬ᠎ᠠ ᠪᠠᠨᠰᠤᠷᠭᠠᠨᠠᠨ | ᠪᠤᠶᠠᠨᠲᠠᠢ ᠬᠥᠮᠥᠨ ᠤ ᠡᠮᠦᠨ᠎ᠡ ᠠᠴᠠ ᠪᠤᠷᠬᠠᠨ ᠪᠥᠬᠦᠶᠢᠨᠡ | ᠪᠤᠶᠠᠨ ᠦᠭᠡᠢ ᠬᠥᠮᠥᠨ ᠤ ᠡᠮᠦᠨ᠎ᠡ ᠠᠴᠠ ᠪᠤᠬ᠎ᠠ ᠭᠥᠯᠢᠢᠨᠡ | ᠦᠬᠡᠷ ᠤᠨ ᠪᠠᠭᠠᠰᠤ ᠪᠠᠷ ᠬᠤᠭᠤᠯᠠ ᠬᠢᠬᠦ | ᠬᠥᠮᠥᠨ ᠤ ᠦᠭᠡ ᠪᠠᠷ ᠦᠭᠡ ᠬᠢᠬᠦ | ᠬᠥᠯᠥᠰᠦᠨ ᠦᠬᠡᠷ ᠲᠤ ᠤᠶᠠᠭ᠎ᠠ ᠦᠭᠡᠢ | ᠬᠦᠴᠦᠨ ᠤ ᠬᠥᠮᠥᠨ ᠳᠤ ᠰᠠᠭᠤᠳᠠᠯ ᠦᠭᠡᠢ | | | ᠬᠤᠷᠴᠠᠪᠢᠯᠢᠭ᠌ ᠠᠷᠪᠢᠨᠪᠠᠶᠠᠷ ᠤᠨ ᠴᠤᠭᠯᠠᠭᠤᠯᠤᠨ ᠡᠮᠬᠢᠳᠬᠡᠭᠰᠡᠨ ︽ᠣᠷᠳᠣᠰ ᠮᠣᠩᠭᠤᠯ ᠤᠨ ᠲᠠᠪᠤᠨ ᠬᠤᠰᠢᠭᠤ ᠮᠠᠯ ᠤᠨ | ᠢᠷᠦᠭᠡᠯ ᠮᠠᠭᠲᠠᠭᠠᠯ ᠵᠦᠢᠷ ᠰᠡᠴᠡᠨ ᠦᠭᠡ ᠥᠯᠢᠭᠡᠷ ᠲᠣᠮᠤᠭ ︾ ᠠᠴᠠ ᠪᠠᠭᠤᠯᠭᠠᠪᠠ | | | | | | | |