ᠤᠷᠤᠭᠰᠢᠯ ᠵᠢᠮᠢᠰ ᠤᠨ ᠢᠵᠠᠭᠤᠷ᠂ ᠴᠢᠴᠠᠷᠭᠠᠨ᠎ᠠ ᠶᠢᠨ ᠲᠥᠷᠥᠯ᠃ ᠪᠣᠳᠠ ᠮᠣᠳᠣ ᠪᠤᠶᠤ ᠲᠤᠷᠤᠭ ᠮᠣᠳᠣ᠂ 5 ᠳ᠋ᠤᠭᠠᠷ ᠰᠠᠷ᠎ᠠ ᠳᠤ ᠴᠡᠴᠡᠭᠯᠡᠵᠦ᠂ 9 — 10 | ᠳ᠋ᠤᠭᠠᠷ ᠰᠠᠷ᠎ᠠ ᠳᠤ ᠦᠷ᠎ᠡ ᠵᠢᠮᠢᠰ ᠨᠢ ᠪᠣᠯᠪᠠᠰᠤᠷᠠᠨ᠎ᠠ᠃ | ᠳᠤᠯᠠᠭᠠᠨ ᠳᠤ ᠵᠣᠬᠢᠴᠠᠭᠰᠠᠨ ᠭᠠᠨᠭ᠌ ᠳᠤ ᠳᠠᠭᠠᠭᠠᠴᠠᠲᠠᠢ ᠬᠠᠭᠤᠷᠠᠶᠢᠰᠠᠭ ᠤᠷᠭᠤᠮᠠᠯ᠃ ᠪᠣᠷᠣᠬᠤᠰᠢᠭᠤ᠂ ᠤᠯᠠᠭᠠᠨ ᠲᠤᠭ ᠵᠡᠷᠭᠡ ᠭᠠᠵᠠᠷ ᠲᠤ ᠤᠷᠭᠤᠳᠠᠭ᠃ | ᠦᠷ᠎ᠡ ᠵᠢᠮᠢᠰ ᠲᠤᠨᠢ ᠤᠷᠭᠠᠨᠢᠭ ᠬᠦᠴᠢᠯ᠂ ᠸᠢᠲ᠋ᠠᠮᠢᠨ C᠂ ᠰᠠᠬᠠᠷ ᠤᠨ ᠲᠥᠷᠥᠯ ᠵᠡᠷᠭᠡ ᠠᠭᠤᠯᠤᠭᠳᠠᠵᠤ᠂ ᠥᠳᠬᠡᠷᠡᠭᠦᠯᠦᠭᠰᠡᠨ ᠸᠢᠲ᠋ᠠᠮᠢᠨ C ᠤᠨ | ᠡᠳ᠋ᠰᠢᠭᠦᠯᠦᠭᠰᠡᠨ ᠡᠮ ᠬᠢᠵᠦ ᠪᠣᠯᠬᠤ ᠪᠥᠭᠡᠳ ᠠᠷᠢᠬᠢ ᠨᠡᠷᠡᠵᠦ ᠪᠣᠯᠣᠨ᠎ᠠ᠃ ᠵᠢᠮᠢᠰ ᠤᠨ ᠤᠰᠤ ᠪᠠᠷ ᠨᠢ ᠬᠠᠷ᠎ᠠ ᠲᠤᠭᠤᠯᠠᠭᠠᠨ ᠤ ᠬᠤᠣᠷᠳᠠᠯ ᠢ ᠲᠠᠶᠢᠯᠵᠦ ᠴᠢᠳᠠᠨ᠎ᠠ᠃ | ᠬᠤᠨᠢ ᠢᠮᠠᠭ᠎ᠠ ᠵᠥᠭᠡᠯᠡᠨ ᠮᠥᠴᠢᠷ ᠨᠠᠪᠴᠢ ᠶᠢ ᠨᠢ ᠢᠳᠡᠨ᠎ᠡ᠃ ᠦᠷ᠎ᠡ ᠵᠢᠮᠢᠰ ᠢᠶᠠᠷ ᠨᠢ ᠮᠣᠩᠭᠤᠯ ᠡᠮ ᠬᠢᠳᠡᠭ᠃ | | ︽ᠤᠲᠤᠭ ᠤᠨ ᠠᠮᠢᠳᠤ ᠪᠤᠳᠠᠰ ᠤᠨ ᠡᠬᠢ ᠪᠠᠶᠠᠯᠢᠭ︾ ᠪᠠᠭᠠᠲᠤᠷ ᠨᠠᠶᠢᠷᠠᠭᠤᠯᠤᠨ ᠵᠤᠬᠢᠶᠠᠪᠠ | | |