ᠶᠠᠷᠯᠠᠭ ᠲᠡᠮᠡᠭᠡ ᠰᠡᠪᠡᠰᠦ ᠪᠠᠨ ᠰᠠᠴᠤᠬᠤ | ᠶᠠᠷᠰᠢᠭ ᠡᠷ᠎ᠡ ᠬᠡᠷᠡᠭ ᠢᠶᠠᠨ ᠰᠠᠴᠤᠬᠤ | ᠢᠯᠠᠭ᠎ᠠ ᠪᠠᠲᠠᠭᠠᠨ᠎ᠠ ᠥᠲᠥ ᠪᠠᠨ ᠰᠠᠴᠤᠬᠤ | ᠪᠣᠲᠣᠭᠤᠯᠠᠭᠰᠠᠨ ᠢᠩᠭᠡ ᠶᠢᠨ ᠪᠣᠶᠢᠯᠠᠬᠤ ᠨᠢ ᠴᠢᠩᠭ᠎ᠠ | ᠪᠤᠬᠠᠨᠳᠠᠢ ᠪᠢᠷᠠᠭᠤ ᠶᠢᠨ ᠰᠤᠶᠢᠯᠡᠬᠦ ᠨᠢ ᠴᠢᠩᠭ᠎ᠠ | ᠬᠠᠯᠠᠲᠠᠢ ᠬᠠᠳᠠᠮ ᠤᠨ ᠣᠮᠣᠭᠯᠠᠬᠤ ᠨᠢ ᠴᠢᠩᠭ᠎ᠠ | ᠪᠣᠲᠣᠭᠤ ᠲᠠᠢ ᠢᠩᠭᠡ ᠶᠢᠨ ᠪᠣᠶᠢᠯᠠᠬᠤ ᠨᠢ ᠭᠡᠴᠡᠬᠦᠦ | ᠪᠤᠬᠠᠨᠳᠠᠢ ᠪᠢᠷᠠᠭᠤ ᠶᠢᠨ ᠰᠣᠶᠢᠯᠡᠬᠦ ᠨᠢ ᠭᠡᠴᠡᠭᠦᠦ | ᠪᠤᠷᠬᠠᠨᠲᠠᠢ ᠠᠶᠢᠯ ᠤᠨ ᠰᠡᠵᠢᠭᠯᠡᠬᠦ ᠨᠢ ᠭᠡᠴᠡᠭᠦᠦ | ᠲᠡᠮᠡᠭᠡᠨ ᠠᠴᠠ ᠭᠡᠳᠡᠭᠡᠷ ᠶᠠᠭᠤᠮ᠎ᠡ ᠦᠭᠡᠢ | ᠬᠥᠮᠥᠨ ᠠᠴᠠ ᠭᠡᠨᠡᠨ ᠶᠠᠭᠤᠮ᠎ᠡ ᠦᠭᠡᠢ | ᠲᠡᠮᠡᠭᠡ ᠭᠡᠳᠡᠭᠡᠷ ᠢᠶᠠᠨ ᠮᠡᠳᠡᠬᠦ ᠦᠭᠡᠢ | ᠬᠥᠮᠥᠨ ᠪᠡᠶ᠎ᠡ ᠪᠠᠨ ᠮᠡᠳᠡᠬᠦ ᠦᠭᠡᠢ | ᠲᠡᠩᠬᠡᠷᠡᠵᠦ ᠪᠠᠶᠢᠬᠤ ᠳᠤ ᠲᠡᠮᠡᠭᠡ ᠥᠭᠴᠦ ᠲᠤᠰᠠᠯᠠᠬᠤ ᠪᠠᠷ ᠢᠶᠠᠨ | ᠳᠠᠪᠠᠳᠠᠵᠤ ᠪᠠᠶᠢᠬᠤ ᠳᠤ ᠢᠮᠠᠭ᠎ᠠ ᠥᠭᠴᠦ ᠲᠤᠰᠠᠯᠠ | ᠲᠠᠬᠢ ᠶᠢᠨ ᠡᠪᠡᠷ ᠲᠡᠭᠷᠢ ᠲᠤᠯᠵᠤ | ᠲᠡᠮᠡᠭᠡᠨ ᠰᠡᠭᠦᠯ ᠭᠠᠵᠠᠷ ᠬᠦᠷᠬᠦ | ᠲᠡᠮᠡᠭᠡ ᠤᠨᠤᠭᠰᠠᠨ ᠬᠥᠮᠥᠨ | ᠲᠡᠭᠷᠢ ᠳᠤ ᠣᠶᠢᠷᠠᠬᠠᠨ | ᠲᠡᠮᠡᠭᠡᠨ ᠤ ᠡᠮᠬᠦᠬᠦ ᠶᠢ | ᠢᠮᠠᠭ᠎ᠠ ᠪᠠᠭ᠋ᠠᠷᠠᠨᠠ | ᠲᠡᠮᠡᠭᠡ ᠦᠬᠦᠪᠡᠴᠦ ᠬᠤᠵᠢᠷ ᠵᠦᠭ ᠢᠶᠠᠨ | ᠯᠠᠮᠠ ᠦᠬᠦᠪᠡᠴᠦ ᠨᠤᠲᠤᠭ ᠵᠦᠭ ᠢᠶᠠᠨ | ᠲᠡᠮᠡᠭᠡ ᠨᠢ ᠲᠡᠮᠡᠭᠡ ᠪᠣᠯᠪᠠᠴᠤ | ᠬᠤᠷᠭᠤᠯ ᠨᠢ ᠲᠡᠮᠡᠭᠡ ᠪᠢᠰᠢ | ᠲᠡᠮᠡᠭᠡ ᠬᠠᠷᠢᠭᠤᠯᠤᠭᠰᠠᠨ ᠬᠥᠮᠥᠨ | ᠪᠤᠤᠷ᠎ᠠ ᠶᠢᠨ ᠵᠠᠩ ᠢ ᠮᠡᠳᠡᠨ᠎ᠡ | ᠲᠡᠮᠡᠭᠡ ᠬᠡᠳᠤᠢ ᠲᠤᠷᠠᠪᠠᠴᠤ | ᠮᠤᠷᠢᠨ ᠠᠴᠠ ᠪᠤᠵᠠᠭᠠᠢ ᠪᠠᠶᠢᠳᠠᠭ | ᠲᠡᠮᠡᠭᠡ ᠮᠠᠭᠤᠬᠠᠢ ᠪᠣᠯᠪᠠᠴᠤ | ᠪᠤᠲᠤᠭᠤᠨ ᠳᠤ ᠪᠠᠨ ᠰᠠᠶᠢᠬᠠᠨ ᠪᠠᠶᠢᠳᠠᠭ | ᠲᠡᠮᠡᠭᠡᠨ ᠬᠤᠮ ᠡᠪᠳᠡᠷᠡᠪᠡᠴᠦ | ᠡᠯᠵᠢᠭᠡᠨ ᠬᠤᠮ ᠭᠤᠷᠪᠡ ᠭᠠᠷᠤᠨ᠎ᠠ | ᠲᠡᠮᠡᠭᠡᠨ ᠳᠤ ᠬᠦᠷᠬᠦ ᠦᠭᠡᠢ ᠭᠠᠷ ᠢᠶᠠᠨ | ᠲᠡᠭᠷᠢ ᠥᠭᠡᠳᠡ ᠰᠠᠷᠪᠠᠶᠢᠭᠰᠠᠨ ᠭᠡᠳᠡᠭ | | | ᠬᠤᠷᠴᠠᠪᠢᠯᠢᠭ᠌ ᠠᠷᠪᠢᠨᠪᠠᠶᠠᠷ ᠤᠨ ᠴᠤᠭᠯᠠᠭᠤᠯᠤᠨ ᠡᠮᠬᠢᠳᠬᠡᠭᠰᠡᠨ ︽ᠣᠷᠳᠣᠰ ᠮᠣᠩᠭᠤᠯ ᠤᠨ ᠲᠠᠪᠤᠨ ᠬᠤᠰᠢᠭᠤ | ᠮᠠᠯ ᠤᠨ ᠢᠷᠦᠭᠡᠯ ᠮᠠᠭᠲᠠᠭᠠᠯ ᠵᠦᠢᠷ ᠰᠡᠴᠡᠨ ᠦᠭᠡ ᠥᠯᠢᠭᠡᠷ ᠲᠣᠮᠤᠭ ︾ ᠠᠴᠠ ᠪᠠᠭᠤᠯᠭᠠᠪᠠ | |