ᠥᠨᠥ ᠵᠢᠯ ᠠᠴᠠ ᠨᠠᠭᠠᠰᠢ᠂ ᠭᠦ᠋ ᠶᠧ ᠨᠡᠶᠢᠭᠡᠮ ᠲᠣᠭᠤᠷᠢᠭ ᠤᠨ ᠨᠠᠮ ᠤᠨ ᠡᠭᠦᠷ ᠤᠨ ᠬᠢᠨ ᠶᠡᠷᠦᠩᠬᠡᠢ ᠱᠦᠵᠢ ᠰᠢ ᠶᠢᠨ ᠫᠢᠩ ᠤᠨ ᠠᠷᠠᠳ ᠤᠨ ᠶᠠᠪᠤᠳᠠᠯ ᠤᠨ | ᠠᠵᠢᠯ ᠤᠨ ᠲᠤᠬᠠᠢ ᠴᠢᠬᠤᠯᠠ ᠵᠢᠭᠠᠪᠤᠷᠢ ᠶᠢᠨ ᠵᠣᠷᠢᠭ ᠰᠠᠨᠠᠭ᠎ᠠ ᠶᠢ ᠭᠦᠨᠵᠡᠭᠡᠢ ᠰᠤᠷᠤᠯᠴᠠᠨ ᠲᠣᠭᠤᠰᠢᠯᠠᠭᠤᠯᠵᠤ᠂ ᠤᠯᠠᠨ ᠲᠦᠮᠡᠨ ᠤ ᠪᠠᠴᠢᠮᠳᠠᠵᠤ ᠰᠠᠨᠠᠭᠠᠰᠢᠷᠠᠵᠤ | ᠬᠦᠰᠡᠵᠦ ᠪᠠᠶᠢᠭ᠎ᠠ ᠪᠠ ᠠᠩᠬᠠᠷᠴᠤ ᠪᠠᠶᠢᠭ᠎ᠠ ᠠᠰᠠᠭᠤᠳᠠᠯ ᠳᠤ ᠠᠩᠬᠠᠷᠤᠯ ᠢᠶᠠᠨ ᠲᠥᠪᠯᠡᠷᠡᠭᠦᠯᠦᠨ᠂ ᠤᠯᠠᠨ ᠲᠦᠮᠡᠨ ᠳᠤ ᠦᠢᠯᠡᠴᠢᠯᠡᠬᠦ ᠶᠢ ᠨᠡᠶᠢᠭᠡᠮ ᠲᠣᠭᠤᠷᠢᠭ ᠤᠨ | ᠡᠯ᠎ᠡ ᠵᠦᠢᠯ ᠤᠨ ᠠᠵᠢᠯ ᠲᠠᠢ ᠤᠶᠠᠯᠳᠤᠭᠤᠯᠵᠤ᠂ ︽ᠤᠯᠠᠨ ᠲᠦᠮᠡᠨ ᠳᠤ ᠪᠣᠳᠠᠲᠠᠢ ᠶᠠᠪᠤᠳᠠᠯ ᠬᠢᠵᠦ ᠥᠭᠬᠦ︾ ᠦᠢᠯᠡᠳᠦᠯᠭᠡ ᠶᠢᠨ ᠠᠵᠢᠯᠯᠠᠭ᠎ᠠ ᠶᠢ ᠰᠠᠶᠢᠲᠤᠷ | ᠥᠷᠨᠢᠭᠦᠯᠦᠨ᠂ ᠰᠠᠭᠤᠭᠠᠯᠢ ᠠᠷᠠᠳ ᠤᠨ ᠵᠣᠯ ᠵᠢᠷᠭᠠᠯᠲᠤ ᠲᠥᠷᠥᠭᠳᠡᠯ᠂ ᠬᠦᠷᠲᠡᠮᠵᠢ ᠶᠢᠨ ᠲᠥᠷᠥᠭᠳᠡᠯ ᠪᠠ ᠠᠮᠤᠷ ᠲᠦᠪᠰᠢᠨ ᠤ ᠲᠥᠷᠥᠭᠳᠡᠯ ᠢ ᠲᠠᠰᠤᠷᠠᠯᠳᠡ ᠦᠭᠡᠢ | ᠳᠡᠭᠡᠭᠰᠢᠯᠡᠭᠦᠯᠪᠡ᠃ | ᠨᠢᠭᠡ᠂ ᠡᠮᠴᠢᠯᠡᠭᠡᠨ ᠤ ᠦᠢᠯᠡᠴᠢᠯᠡᠭᠡ ᠶᠢ ᠴᠢᠩᠭᠠᠳᠬᠠᠵᠤ᠂ ᠣᠯᠠᠨ ᠲᠦᠮᠡᠨ ᠤ ᠡᠷᠡᠭᠦᠯ ᠮᠡᠨᠳᠦ ᠶᠢᠨ ᠵᠢᠭᠠᠯᠲᠠ ᠲᠤᠭ᠎ᠠ ᠶᠢ ᠳᠡᠭᠡᠭᠰᠢᠯᠡᠭᠦᠯᠪᠡ | ᠨᠡᠶᠢᠭᠡᠮ ᠲᠣᠭᠤᠷᠢᠭ ᠤᠨ ᠨᠠᠮ ᠤᠨ ᠡᠭᠦᠷ ︽ᠪᠢᠳᠡᠨ ᠤ ᠪᠠᠶᠠᠷ ᠤᠨ ᠡᠳᠦᠷ︾ ᠢ ᠲᠣᠬᠢᠶᠠᠯᠳᠤᠭᠤᠯᠤᠨ ᠴᠢ ᠫᠠᠨ ᠵᠢᠩ ᠨᠡᠶᠢᠭᠡᠮ ᠲᠣᠭᠤᠷᠢᠭ ᠤᠨ ᠡᠷᠡᠭᠦᠯ | ᠬᠠᠮᠠᠭᠠᠯᠠᠯ ᠤᠨ ᠦᠢᠯᠡᠴᠢᠯᠡᠭᠡᠨ ᠤ ᠲᠥᠪ᠂ ᠤᠲᠤᠭ ᠬᠤᠰᠢᠭᠤᠨ ᠤ ᠠᠷᠠᠳ ᠤᠨ ᠬᠤᠶᠠᠳᠤᠭᠠᠷ ᠡᠮᠨᠡᠯᠭᠡ ᠶᠢᠨ ᠬᠤᠷᠢᠶ᠎ᠠ ᠲᠠᠢ ᠬᠠᠮᠲᠤᠷᠠᠵᠤ᠂ ᠬᠠᠷᠢᠶ᠎ᠠ ᠣᠷᠣᠨ ᠤ | ᠰᠠᠭᠤᠭᠠᠯᠢ ᠠᠷᠠᠳ ᠲᠤ ᠬᠢᠲᠠᠳ ᠡᠮᠨᠡᠯᠭᠡ ᠶᠢᠨ ᠰᠤᠳᠠᠯ ᠪᠠᠷᠢᠬᠤ᠂ ᠡᠷᠡᠭᠦᠯ ᠮᠡᠨᠳᠦ ᠶᠢᠨ ᠵᠢᠯᠣᠭᠤᠳᠤᠯᠭ᠎ᠠ ᠬᠢᠬᠦ᠂ ᠡᠪᠡᠳᠴᠢᠨ ᠡᠮᠭᠡᠭ ᠤᠨ ᠵᠥᠪᠯᠡᠯᠭᠡ ᠬᠠᠩᠭᠠᠬᠤ | ᠵᠡᠷᠭᠡ ᠦᠢᠯᠡᠴᠢᠯᠡᠭᠡ ᠬᠠᠩᠭᠠᠪᠠ︔ ᠰᠠᠶᠢᠨ ᠡᠮᠴᠢ ᠨᠢᠳᠦᠨ ᠤ ᠰᠠᠯᠠᠭᠠᠨ ᠤ ᠲᠥᠪ ᠲᠠᠢ ᠬᠤᠯᠪᠤᠭᠠᠯᠠᠨ ᠨᠡᠶᠢᠲᠡ ᠶᠢᠨ ᠠᠰᠠᠷᠠᠮᠵᠢ ᠶᠢᠨ ᠵᠠᠷᠤᠳᠠᠯ ᠬᠤᠷᠢᠶᠠᠬᠤ | ᠦᠭᠡᠢ ᠪᠠᠷ ᠨᠢᠳᠦᠨ ᠤ ᠡᠪᠡᠳᠴᠢᠨ ᠢ ᠪᠠᠶᠢᠴᠠᠭᠠᠬᠤ ᠠᠯᠪᠠᠨ ᠵᠢᠷᠤᠮ ᠤᠨ ᠡᠮᠴᠢᠯᠡᠭᠡᠨ ᠤ ᠠᠵᠢᠯᠯᠠᠭ᠎ᠠ ᠥᠷᠨᠢᠭᠦᠯᠵᠦ᠂ ᠵᠠᠯᠠᠭᠤᠴᠤᠳ ᠪᠠᠭᠠᠴᠤᠳ ᠪᠠ | ᠨᠠᠰᠤᠲᠠᠶᠢᠴᠤᠳ ᠲᠤ ᠵᠠᠷᠤᠳᠠᠯ ᠬᠤᠷᠢᠶᠠᠬᠤ ᠦᠭᠡᠢ ᠪᠠᠷ ᠨᠢᠳᠦᠨ ᠤ ᠡᠪᠡᠳᠴᠢᠨ ᠢ ᠪᠠᠶᠢᠴᠠᠭᠠᠬᠤ ᠪᠠ ᠡᠷᠡᠭᠦᠯ ᠮᠡᠨᠳᠦ ᠶᠢᠨ ᠠᠰᠠᠭᠤᠨ ᠯᠠᠪᠯᠠᠬᠤ ᠦᠢᠯᠡᠴᠢᠯᠡᠭᠡ | ᠬᠠᠩᠭᠠᠵᠠᠢ᠂ ᠣᠲᠣ ᠪᠣᠯᠲᠠᠯ᠎ᠠ᠂ ᠪᠡᠶ᠎ᠡ ᠶᠢᠨ ᠪᠠᠶᠢᠴᠠᠭᠠᠯᠲᠠ ᠶᠢᠨ ᠲᠥᠷᠥᠯ ᠵᠦᠢᠯ ᠢ 6 ᠤᠳᠠᠭ᠎ᠠ᠂ ᠵᠠᠯᠠᠭᠤᠴᠤᠳ ᠪᠠᠭᠠᠴᠤᠳ ᠵᠢᠴᠢ ᠨᠠᠰᠤᠲᠠᠶᠢᠴᠤᠳ ᠤᠨ ᠰᠢᠨᠵᠢᠯᠡᠬᠦ | ᠤᠬᠠᠭᠠᠨ ᠢ ᠲᠦᠭᠡᠮᠡᠯᠵᠢᠭᠦᠯᠬᠦ ᠮᠡᠳᠡᠯᠭᠡ ᠶᠢᠨ ᠲᠠᠶᠢᠯᠤᠮᠵᠢ ᠶᠢ 5 ᠤᠳᠠᠭ᠎ᠠ ᠥᠷᠨᠢᠭᠦᠯᠵᠦ᠂ 300 ᠭᠠᠷᠤᠢ ᠬᠥᠮᠥᠨ ᠳᠤ ᠠᠰᠢᠭ ᠬᠦᠷᠲᠡᠭᠡᠪᠡ᠃ | ᠬᠤᠶᠠᠷ᠂ ᠠᠷᠠᠳ ᠲᠤ ᠲᠥᠬᠦᠮ ᠦᠵᠡᠭᠦᠯᠬᠦ ᠲᠥᠬᠦᠭᠡᠷᠦᠮᠵᠢ ᠶᠢ ᠨᠡᠮᠡᠨ ᠪᠠᠶᠢᠭᠤᠯᠵᠤ᠂ ᠠᠷᠠᠳ ᠤᠨ ᠵᠣᠯ ᠵᠢᠷᠭᠠᠯᠲᠤ ᠲᠥᠷᠥᠭᠳᠡᠯ ᠢ ᠨᠡᠮᠡᠭᠳᠡᠭᠦᠯᠪᠡ | ᠰᠠᠭᠤᠭᠠᠯᠢ ᠠᠷᠠᠳ ᠤᠨ ᠰᠠᠨᠠᠭᠠᠰᠢᠷᠠᠵᠤ ᠪᠠᠶᠢᠭ᠎ᠠ ᠶᠠᠪᠤᠳᠠᠯ ᠪᠣᠯ ᠳᠠᠷᠤᠢ ᠨᠡᠶᠢᠭᠡᠮ ᠲᠣᠭᠤᠷᠢᠭ ᠤᠨ ᠪᠣᠳᠣᠵᠤ ᠪᠠᠶᠢᠭ᠎ᠠ ᠠᠵᠢᠯ ᠪᠣᠯᠣᠨ᠎ᠠ᠃ ᠨᠡᠶᠢᠭᠡᠮ | ᠲᠣᠭᠤᠷᠢᠭ ᠤᠨ ᠬᠢᠨ ᠨᠠᠮ ᠤᠨ ᠪᠠᠶᠢᠭᠤᠯᠤᠯᠲᠠ ᠪᠠᠷ ᠬᠥᠲᠥᠯᠥᠨ ᠳᠠᠭᠠᠭᠤᠯᠬᠤ ᠶᠢ ᠢᠮᠠᠭᠲᠠ ᠪᠠᠷᠢᠮᠲᠠᠯᠠᠵᠤ᠂ ᠣᠯᠠᠨ ᠲᠦᠮᠡᠨ ᠤ ᠠᠰᠢᠭ ᠲᠤᠰᠠ ᠪᠠᠷ | ᠡᠭᠦᠰᠦᠯᠲᠡ ᠶᠢᠨ ᠴᠡᠭ ᠪᠣᠯᠭᠠᠨ᠂ ᠠᠷᠠᠳ ᠲᠤ ᠲᠥᠬᠦᠮ ᠦᠵᠡᠭᠦᠯᠬᠦ ᠦᠢᠯᠡᠴᠢᠯᠡᠭᠡᠨ ᠤ ᠲᠦᠪᠰᠢᠨ ᠢ ᠳᠡᠭᠡᠭᠰᠢᠯᠡᠭᠦᠯᠵᠦ᠂ ᠬᠦᠴᠦᠯᠡᠨ ᠴᠢᠷᠮᠠᠶᠢᠵᠤ ᠰᠠᠭᠤᠭᠠᠯᠢ | ᠠᠷᠠᠳ ᠤᠨ ᠠᠮᠢᠳᠤᠷᠠᠯ ᠤᠨ ᠣᠷᠴᠢᠨ ᠲᠣᠭᠤᠷᠢᠨ ᠢ ᠰᠠᠶᠢᠵᠢᠷᠠᠭᠤᠯᠪᠠ᠃ ᠬᠤᠯᠪᠣᠭᠠᠯᠠᠨ ᠳᠠᠭᠠᠭᠠᠴᠢᠯᠠᠵᠤ ᠪᠠᠶᠢᠭ᠎ᠠ ᠨᠢᠭᠡᠴᠢ ᠪᠣᠯᠬᠤ ᠣᠲᠤᠭ ᠤᠨ ᠳᠡᠭᠡᠳᠦ ᠰᠢᠨ᠎ᠡ | ᠮᠡᠷᠭᠡᠵᠢᠯ ᠤᠨ ᠠᠵᠤ ᠦᠢᠯᠡᠰ ᠤᠨ ᠨᠡᠭᠡᠭᠡᠯᠲᠡ ᠶᠢᠨ ᠲᠣᠭᠤᠷᠢᠭ ᠤᠨ ᠪᠦᠲᠦᠭᠡᠨ ᠪᠠᠶᠢᠭᠤᠯᠤᠯᠲᠠ ᠶᠢᠨ ᠬᠠᠮᠢᠶᠠᠷᠤᠯᠲᠠ ᠶᠢᠨ ᠲᠣᠪᠴᠢᠶ᠎ᠠ ᠲᠠᠢ ᠢᠳᠡᠪᠬᠢᠲᠡᠢ ᠵᠥᠪᠳᠡᠯᠴᠡᠨ | ᠭᠡᠷ ᠪᠠᠶᠢᠰᠢᠩ ᠤᠨ ᠲᠣᠭᠤᠷᠢᠭ ᠤᠨ ᠭᠤᠳᠤᠮᠵᠢ ᠶᠢᠨ ᠵᠠᠮ ᠵᠢᠴᠢ ᠵᠡᠭᠡᠯᠢ ᠶᠢᠨ ᠵᠠᠮ ᠤᠨ ᠭᠠᠳᠠᠷᠭᠤ ᠶᠢ 2400 ᠲᠡᠭᠰᠢ ᠳᠥᠷᠪᠡᠯᠵᠢᠨ ᠮᠧᠲᠷ ᠬᠠᠲᠠᠭᠤᠷᠠᠭᠤᠯᠵᠤ᠂ | 929 ᠭᠡᠷ ᠪᠠᠶᠢᠰᠢᠩ ᠤᠨ ᠲᠣᠭᠤᠷᠢᠭ ᠲᠤ 48 ᠵᠠᠮ ᠤᠨ ᠳ᠋ᠧᠩ ᠤᠭᠰᠠᠷᠠᠨ᠂ ᠰᠠᠨ ᠸᠧᠢ ᠵᠡᠭᠡᠯᠢ ᠶᠢᠨ ᠵᠡᠭᠦᠨ ᠲᠠᠯ᠎ᠠ ᠳᠠᠬᠢ ᠭᠡᠷ ᠪᠠᠶᠢᠰᠢᠩ ᠤᠨ ᠲᠣᠭᠤᠷᠢᠭ ᠲᠤ | 150 ᠭᠠᠷᠤᠢ ᠮᠧᠲᠷ ᠤᠨ ᠪᠤᠵᠠᠷ ᠤᠰᠤ ᠭᠠᠳᠠᠭᠰᠢᠯᠠᠭᠤᠯᠬᠤ ᠬᠤᠭᠤᠯᠠᠢ ᠤᠭᠰᠠᠷᠠᠵᠤ 16 ᠡᠷᠦᠬᠡ ᠶᠢᠨ ᠪᠤᠵᠠᠷ ᠤᠰᠤ ᠭᠠᠳᠠᠭᠰᠢᠯᠠᠭᠤᠯᠬᠤ ᠬᠤᠭᠤᠯᠠᠢ ᠦᠭᠡᠢ | ᠪᠠᠶᠢᠭᠰᠠᠨ ᠠᠰᠠᠭᠤᠳᠠᠯ ᠢ ᠰᠢᠢᠳᠪᠦᠷᠢᠯᠡᠵᠦ᠂ ᠰᠠᠭᠤᠭᠠᠯᠢ ᠠᠷᠠᠳ ᠤᠨ ᠠᠮᠢᠳᠤᠷᠠᠯ ᠳᠤ ᠲᠦᠬᠦᠮ ᠦᠵᠡᠭᠦᠯᠦᠨ᠂ ᠪᠣᠳᠠᠲᠤ ᠠᠵᠢᠯᠯᠠᠭ᠎ᠠ ᠪᠠᠷ ᠢᠶᠠᠨ ︽ᠤᠯᠠᠨ | ᠲᠦᠮᠡᠨ ᠳᠤ ᠪᠣᠳᠠᠲᠠᠢ ᠶᠠᠪᠤᠳᠠᠯ ᠬᠢᠵᠦ ᠥᠭᠬᠦ︾ ᠤᠭ ᠰᠠᠨᠠᠭ᠎ᠠ ᠡᠭᠦᠷᠭᠡ ᠬᠠᠷᠢᠭᠤᠴᠠᠯᠭ᠎ᠠ ᠶᠢ ᠦᠢᠯᠡᠳᠦᠯᠭᠡᠵᠢᠭᠦᠯᠪᠡ᠃ | ᠭᠤᠷᠪᠠ᠂ ᠨᠠᠮ ᠤᠨ ᠪᠠᠶᠢᠭᠤᠯᠤᠯᠲᠠ ᠪᠠᠷ ᠬᠥᠲᠥᠯᠥᠨ ᠳᠠᠭᠠᠭᠤᠯᠬᠤ ᠳᠤ ᠠᠩᠬᠠᠷᠤᠯ ᠢᠶᠠᠨ ᠲᠥᠪᠯᠡᠷᠡᠭᠦᠯᠵᠦ᠂ ᠬᠤᠭ ᠨᠣᠪᠰᠢ ᠶᠢ ᠴᠡᠪᠡᠷᠯᠡᠨ ᠣᠷᠴᠢᠨ | ᠲᠣᠭᠤᠷᠢᠨ ᠢ ᠭᠤᠶᠤᠵᠢᠭᠤᠯᠪᠠ | ᠠᠷᠠᠳ ᠲᠦᠮᠡᠨ ᠤ ᠬᠦᠰᠡᠯ ᠱᠠᠭᠠᠷᠳᠠᠯᠭ᠎ᠠ ᠶᠢ ᠪᠡᠶᠡᠯᠡᠭᠦᠯᠬᠦ ᠪᠠᠷ ᠨᠡᠶᠢᠭᠡᠮ ᠲᠣᠭᠤᠷᠢᠭ ᠨᠢ ᠣᠶᠤᠨ ᠤ ᠪᠣᠯᠪᠠᠰᠤᠨ ᠢ ᠡᠭᠦᠳᠦᠨ ᠪᠠᠶᠢᠭᠤᠯᠬᠤ ᠠᠵᠢᠯ ᠲᠠᠢ | ᠤᠶᠠᠯᠳᠤᠭᠤᠯᠤᠨ᠂ ᠬᠠᠷᠢᠶ᠎ᠠ ᠣᠷᠣᠨ ᠤ ᠰᠠᠭᠤᠭᠠᠯᠢ ᠲᠣᠭᠤᠷᠢᠭ ᠤᠨ ᠬᠤᠭ ᠨᠣᠪᠰᠢ ᠶᠢ ᠲᠤᠶᠢᠯᠪᠤᠷᠢᠲᠠᠢ ᠴᠡᠪᠡᠷᠯᠡᠵᠦ᠂ ᠨᠡᠶᠢᠭᠡᠮ ᠲᠣᠭᠤᠷᠢᠭ ᠤᠨ ᠲᠣᠣᠷᠴᠢᠯᠠᠭᠰᠠᠨ | ᠬᠠᠮᠢᠶᠠᠷᠤᠯᠲᠠ ᠶᠢᠨ ᠠᠵᠢᠯᠲᠠᠨ ᠲᠠᠢ ᠬᠤᠯᠪᠤᠭᠠᠯᠠᠨ ᠵᠠᠮ ᠤᠨ ᠬᠤᠶᠠᠷ ᠬᠠᠵᠠᠭᠤ ᠳᠠᠬᠢ ᠬᠠᠮᠲᠤ ᠪᠠᠷ ᠡᠳ᠋ᠯᠡᠬᠦ ᠳᠤᠭᠤᠢ ᠲᠡᠷᠭᠡ ᠶᠢ ᠳᠡᠷᠢ ᠲᠡᠭᠰᠢ ᠪᠠᠶᠢᠷᠢᠯᠠᠭᠤᠯᠵᠤ᠂ | ᠦᠨᠳᠦᠰᠦᠨ ᠱᠠᠲᠤᠨ ᠤ ᠨᠠᠮ ᠤᠨ ᠵᠣᠬᠢᠶᠠᠨ ᠪᠠᠶᠢᠭᠤᠯᠤᠯᠲᠠ ᠶᠢᠨ ᠳᠠᠶᠢᠴᠢᠨ ᠪᠠᠬᠢᠯᠡᠯᠲᠡ ᠶᠢᠨ ᠦᠢᠯᠡᠳᠦᠯ ᠪᠠ ᠨᠠᠮ ᠤᠨ ᠭᠡᠰᠢᠭᠦᠨ ᠤ ᠬᠤᠰᠢᠭᠤᠴᠢ ᠵᠢᠱᠢᠶᠡᠴᠢ ᠶᠢᠨ | ᠦᠢᠯᠡᠳᠦᠯ ᠢ ᠭᠦᠢᠴᠡᠳ ᠪᠠᠳᠠᠷᠠᠭᠤᠯᠪᠠ᠃ ᠨᠠᠮ ᠤᠨ ᠭᠡᠰᠢᠭᠦᠨ ᠰᠠᠶᠢᠨ ᠳᠤᠷᠠᠴᠤᠳ ᠵᠢᠴᠢ ᠵᠠᠯᠠᠭᠤᠴᠤᠳ ᠪᠠᠭᠠᠴᠤᠳ ᠰᠠᠶᠢᠨ ᠳᠤᠷ᠎ᠠ ᠶᠢᠨ ᠠᠵᠢᠯᠯᠠᠭᠴᠢ ᠲᠠᠢ | ᠬᠠᠮᠲᠤᠷᠠᠨ ᠣᠷᠴᠢᠨ ᠲᠣᠭᠤᠷᠢᠨ ᠢ ᠴᠡᠪᠡᠷᠯᠡᠵᠦ ᠭᠤᠶᠤᠵᠢᠭᠤᠯᠤᠨ᠂ ᠵᠠᠮ ᠤᠨ ᠡᠷᠬᠢᠨ ᠲᠣᠭᠤᠷᠢᠨ ᠤ ᠰᠦᠯᠢᠶᠥᠦ ᠤᠭᠤᠲᠠ᠂ ᠨᠣᠭᠤᠭᠠᠷᠠᠭᠤᠯᠤᠯᠲᠠ ᠶᠢᠨ | ᠪᠦᠰᠡ ᠳᠠᠬᠢ ᠬᠤᠭ ᠴᠠᠭᠠᠰᠤ᠂ ᠲᠠᠮᠠᠬᠢᠨ ᠲᠣᠯᠣᠭᠠᠢ ᠵᠢᠴᠢ ᠠᠮᠢᠳᠤᠷᠠᠯ ᠤᠨ ᠬᠤᠭ ᠨᠣᠪᠰᠢ ᠶᠢ ᠪᠦᠬᠦ ᠲᠠᠯ᠎ᠠ ᠪᠠᠷ ᠴᠡᠪᠡᠷᠯᠡᠵᠦ᠂ ᠰᠠᠭᠤᠭᠠᠯᠢ ᠠᠷᠠᠳ ᠤᠨ | ᠠᠮᠢᠳᠤᠷᠠᠯ ᠤᠨ ᠣᠷᠴᠢᠨ ᠲᠣᠭᠤᠷᠢᠨ ᠢ ᠰᠠᠶᠢᠵᠢᠷᠠᠭᠤᠯᠤᠨ᠂ ᠪᠣᠯᠪᠠᠰᠤᠨ ᠰᠠᠶᠢᠬᠠᠨ᠂ ᠡᠶ᠎ᠡ ᠵᠣᠬᠢᠴᠠᠩᠭᠤᠢ᠂ ᠡᠮᠬᠢ ᠳᠢᠭᠯᠢᠮ ᠲᠠᠢ ︽ᠦᠵᠡᠰᠬᠦᠯᠡᠩᠲᠦ ᠰᠠᠶᠢᠬᠠᠨ ᠴᠢ | ᠫᠠᠠ ᠵᠢᠩ︾ ᠢ ᠪᠦᠲᠦᠭᠡᠨ ᠪᠠᠶᠢᠭᠤᠯᠬᠤ ᠳᠤ ᠬᠦᠴᠦᠨ ᠴᠢᠳᠠᠯ ᠢᠶᠠᠨ ᠡᠷᠭᠦᠪᠡ᠃ ᠣᠲᠣ ᠪᠣᠯᠲᠠᠯ᠎ᠠ᠂ ᠨᠡᠶᠢᠲᠡ 130 ᠭᠠᠷᠤᠢ ᠰᠠᠶᠢᠨ ᠳᠤᠷ᠎ᠠ ᠶᠢᠨ ᠠᠵᠢᠯᠯᠠᠭᠴᠢ ᠶᠢ | ᠵᠣᠬᠢᠶᠠᠨ ᠪᠠᠶᠢᠭᠤᠯᠵᠤ᠂ 10 ᠤᠳᠠᠭ᠎ᠠ ᠴᠡᠪᠡᠷᠯᠡᠨ᠂ 8.5 ᠲᠣᠨ ᠬᠤᠭ ᠨᠣᠪᠰᠢ ᠶᠢ ᠴᠡᠪᠡᠷᠯᠡᠪᠡ᠃ | ᠳᠥᠷᠪᠡ᠂ ᠨᠠᠰᠤᠲᠠᠶᠢᠴᠤᠳ ᠤᠨ ᠬᠥᠳᠡᠯᠭᠡᠭᠡᠨ ᠤ ᠲᠠᠰᠤᠭ ᠢ ᠪᠠᠶᠢᠭᠤᠯᠵᠤ ᠰᠠᠭᠤᠭᠠᠯᠢ ᠠᠷᠠᠳ ᠤᠨ ᠵᠣᠯ ᠵᠢᠷᠭᠠᠯᠲᠤ ᠲᠥᠷᠥᠭᠳᠡᠯ ᠢ ᠳᠡᠭᠡᠭᠰᠢᠯᠡᠭᠦᠯᠪᠡ | ︽ᠮᠠᠨ ᠤ ᠰᠠᠭᠤᠭᠠᠯᠢ ᠲᠣᠭᠤᠷᠢᠭ ᠪᠠᠶᠢᠭᠤᠯᠤᠭᠳᠠᠭᠰᠠᠨ ᠠᠴᠠ ᠠᠪᠤᠭᠠᠳ ᠵᠤᠭ᠎ᠠ ᠴᠡᠩᠭᠡᠯ ᠤᠨ ᠭᠠᠵᠠᠷ ᠭᠡᠵᠦ ᠪᠠᠶᠢᠬᠤ ᠦᠭᠡᠢ᠂ ᠲᠡᠭᠷᠢ ᠳᠤᠯᠠᠭᠠᠨ ᠪᠣᠯ | ᠬᠡᠳᠦᠨ ᠰᠢᠷᠡᠭᠡ ᠰᠠᠨᠳᠠᠯᠢ ᠲᠠᠯᠪᠢᠴᠢᠬᠠᠭᠠᠳ ᠨᠠᠭᠠᠳᠴᠤ ᠪᠣᠯᠣᠨ᠎ᠠ᠂ ᠭᠡᠪᠡᠴᠦ ᠡᠪᠦᠯ ᠳᠤᠨᠢ ᠨᠠᠭᠠᠳᠬᠤ ᠶᠢᠨ ᠠᠷᠭ᠎ᠠ ᠦᠭᠡᠢ︾ ᠭᠡᠵᠦ ᠡᠾᠧ ᠲᠠᠢ ᠰᠠᠭᠤᠭᠠᠯᠢ | ᠲᠣᠭᠤᠷᠢᠭ ᠤᠨ ᠯᠢ ᠠᠨᠢᠶ᠎ᠠ ᠬᠡᠯᠡᠨ᠎ᠡ᠃ ᠰᠠᠭᠤᠭᠠᠯᠢ ᠠᠷᠠᠳ ᠲᠤ ᠨᠡᠩ ᠲᠠᠭᠠᠯᠠᠮᠵᠢᠲᠠᠢ ᠬᠥᠳᠡᠯᠭᠡᠭᠡᠨ ᠤ ᠣᠷᠴᠢᠨ ᠬᠠᠩᠭᠠᠵᠤ᠂ ᠠᠳᠠᠯᠢ ᠪᠤᠰᠤ ᠨᠠᠰᠤᠨ ᠤ ᠬᠦᠮᠦᠰ ᠤᠨ | ᠰᠡᠯᠡᠭᠦᠴᠡᠯ ᠵᠤᠭ᠎ᠠ ᠴᠡᠩᠭᠡᠯ ᠪᠣᠯᠣᠨ ᠰᠤᠷᠤᠯᠴᠠᠯᠭ᠎ᠠ ᠶᠢᠨ ᠬᠡᠷᠡᠭᠴᠡᠭᠡ ᠶᠢ ᠬᠠᠩᠭᠠᠬᠤ ᠶᠢᠨ ᠲᠥᠯᠥᠭᠡ᠂ ᠥᠨᠥ ᠵᠢᠯ ᠬᠦ᠋ ᠶᠧ ᠨᠡᠶᠢᠭᠡᠮ ᠲᠣᠭᠤᠷᠢᠭ ᠤᠨ ᠬᠢᠨ ᠬᠠᠷᠢᠶ᠎ᠠ | ᠣᠷᠣᠨ ᠤ ᠡᠾᠧ ᠲᠠᠢ ᠰᠠᠭᠤᠭᠠᠯᠢ ᠲᠣᠭᠤᠷᠢᠭ ᠵᠢᠴᠢ ᠰᠢᠠ ᠱᠢ ᠵᠢᠢ ᠰᠠᠭᠤᠭᠠᠯᠢ ᠲᠣᠭᠤᠷᠢᠭ ᠲᠤ ᠨᠠᠮ ᠤᠨ ᠭᠡᠰᠢᠭᠦᠨ ᠪᠠ ᠤᠯᠠᠨ ᠲᠦᠮᠡᠨ ᠳᠤ ᠦᠢᠯᠡᠴᠢᠯᠡᠬᠦ | ᠦᠷᠳᠡᠭᠡ ᠪᠠᠶᠢᠭᠤᠯᠵᠤ ᠥᠭᠪᠡ᠃ | ᠲᠠᠪᠤ᠂ ᠨᠡᠶᠢᠭᠡᠮ ᠲᠣᠭᠤᠷᠢᠭ ᠤᠨ ᠬᠢᠨ ᠲᠣᠣᠷᠴᠢᠯᠠᠭᠰᠠᠨ ᠬᠠᠮᠢᠶᠠᠷᠤᠯᠲᠠ ᠶᠢ ᠬᠡᠷᠡᠭᠵᠢᠭᠦᠯᠵᠦ᠂ ᠠᠵᠢᠯ ᠤᠨ ᠦᠷ᠎ᠡ ᠪᠦᠲᠦᠮᠵᠢ ᠶᠢ ᠳᠡᠭᠡᠭᠰᠢᠯᠡᠭᠦᠯᠪᠡ | ᠲᠣᠣᠷᠴᠢᠯᠠᠭᠰᠠᠨ ᠬᠠᠮᠢᠶᠠᠷᠤᠯᠲᠠ ᠪᠣᠯ ᠦᠨᠳᠦᠰᠦᠨ ᠱᠠᠲᠤᠨ ᠤ ᠳᠠᠷᠤᠭᠠᠰᠤ ᠶᠢ ᠬᠥᠩᠭᠡᠷᠡᠭᠦᠯᠦᠭᠰᠡᠨ ᠦᠷ᠎ᠡ ᠪᠦᠲᠦᠭᠡᠯ ᠢ ᠪᠠᠬᠢᠵᠢᠭᠦᠯᠦᠨ ᠥᠷᠭᠡᠳᠬᠡᠬᠦ | ᠪᠣᠳᠠᠲᠤ ᠬᠡᠷᠡᠭᠴᠡᠭᠡ ᠮᠥᠨ᠂ ᠦᠨᠳᠦᠰᠦᠨ ᠱᠠᠲᠤᠨ ᠤ ᠵᠠᠰᠠᠯᠲᠠ ᠶᠢᠨ ᠲᠣᠭᠲᠠᠯᠴᠠᠭ᠎ᠠ ᠪᠣᠯᠣᠨ ᠵᠠᠰᠠᠯᠲᠠ ᠶᠢᠨ ᠴᠢᠳᠠᠪᠤᠷᠢ ᠶᠢᠨ ᠣᠳᠣᠬᠢᠴᠢᠯᠠᠯᠲᠠ ᠶᠢᠨ | ᠪᠠᠶᠢᠭᠤᠯᠤᠯᠲᠠ ᠶᠢ ᠴᠢᠩᠭᠠᠳᠬᠠᠬᠤ ᠵᠠᠶᠢᠯᠠᠰᠢ ᠦᠭᠡᠢ ᠱᠠᠭᠠᠷᠳᠠᠯᠭ᠎ᠠ ᠮᠥᠨ᠃ ᠬᠥ᠋ ᠶᠧ ᠨᠡᠶᠢᠭᠡᠮ ᠲᠣᠭᠤᠷᠢᠭ ᠰᠠᠭᠤᠭᠠᠯᠢ ᠠᠷᠠᠳ ᠤᠨ ᠬᠡᠷᠡᠭᠴᠡᠭᠡ ᠱᠠᠭᠠᠷᠳᠠᠯᠭ᠎ᠠ ᠪᠠᠷ | ᠤᠳᠤᠷᠢᠳᠤᠮᠵᠢ ᠪᠣᠯᠭᠠᠵᠤ᠂ ᠣᠯᠠᠨ ᠲᠦᠮᠡᠨ ᠤ ᠶᠠᠪᠤᠳᠠᠯ ᠳᠤ ᠠᠩᠬᠠᠷᠤᠯ ᠢᠶᠠᠨ ᠲᠥᠪᠯᠡᠷᠡᠭᠦᠯᠦᠨ᠂ ᠣᠯᠠᠨ ᠰᠠᠯᠠᠭ᠎ᠠ ᠮᠥᠴᠢᠷ ᠢ ᠢᠳᠡᠪᠬᠢᠲᠡᠢ ᠵᠣᠬᠢᠶᠠᠨ ᠪᠠᠶᠢᠭᠤᠯᠵᠤ᠂ | ︽ᠨᠡᠶᠢᠭᠡᠮ ᠲᠣᠭᠤᠷᠢᠭ ᠤᠴᠢᠷ ᠲᠠᠢ ᠪᠣᠯ ᠠᠵᠢᠯᠲᠠᠨ ᠣᠴᠢᠵᠤ ᠰᠢᠢᠳᠪᠦᠷᠢᠯᠡᠬᠦ︾ ᠠᠵᠢᠯᠯᠠᠭᠠᠨ ᠤ ᠲᠣᠭᠲᠠᠴᠠ ᠶᠢ ᠯᠠᠪᠳᠠᠭᠤᠨ ᠠᠬᠢᠭᠤᠯᠪᠠ᠃ ᠶᠡᠷᠦᠩᠬᠡᠶᠢᠯᠡᠭᠰᠡᠨ | ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠰᠠᠯᠠᠭ᠎ᠠ ᠮᠥᠴᠢᠷ ᠲᠠᠢ ᠬᠤᠯᠪᠤᠭᠠᠯᠠᠨ ᠪᠠᠷᠢᠯᠭ᠎ᠠ ᠶᠢᠨ ᠠᠮᠤᠷ ᠲᠦᠪᠰᠢᠨ ᠤ ᠵᠢᠷᠤᠮᠵᠢᠯ ᠪᠠ ᠭᠠᠯ ᠤᠨᠲᠠᠷᠠᠭᠠᠬᠤ | ᠱᠠᠭᠠᠷᠳᠠᠯᠭ᠎ᠠ ᠳᠤ ᠨᠡᠶᠢᠴᠡᠬᠦ ᠦᠭᠡᠢ᠂ ᠨᠡᠯᠢᠶᠡᠳ ᠶᠡᠭᠡ ᠠᠮᠤᠷ ᠲᠦᠪᠰᠢᠨ ᠤ ᠳᠠᠯᠳᠠ ᠬᠡᠮ ᠣᠷᠣᠰᠢᠵᠤ ᠪᠠᠶᠢᠭ᠎ᠠ ᠥᠪᠡᠰᠦᠪᠡᠨ ᠪᠠᠶᠢᠭᠤᠯᠤᠭᠰᠠᠨ ᠡᠭᠦᠳᠡᠨ ᠲᠢᠩᠬᠢᠮ ᠢ | ᠨᠤᠷᠠᠭᠠᠪᠠ︔ ᠬᠤᠯᠪᠣᠭᠠᠯᠠᠨ ᠳᠠᠭᠠᠭᠠᠴᠢᠯᠠᠵᠤ ᠪᠠᠶᠢᠭ᠎ᠠ ᠨᠢᠭᠡᠴᠢ ᠪᠣᠯᠬᠤ ᠣᠲᠤᠭ ᠤᠨ ᠳᠡᠭᠡᠳᠦ ᠰᠢᠨ᠎ᠡ ᠮᠡᠷᠭᠡᠵᠢᠯ ᠤᠨ ᠠᠵᠤ ᠦᠢᠯᠡᠰ ᠤᠨ ᠨᠡᠭᠡᠭᠡᠯᠲᠡ ᠶᠢᠨ | ᠲᠣᠭᠤᠷᠢᠭ ᠤᠨ ᠪᠦᠲᠦᠭᠡᠨ ᠪᠠᠶᠢᠭᠤᠯᠤᠯᠲᠠ ᠶᠢᠨ ᠬᠠᠮᠢᠶᠠᠷᠤᠯᠲᠠ ᠶᠢᠨ ᠲᠣᠪᠴᠢᠶ᠎ᠠ ᠶᠢᠨ ᠬᠠᠮᠢᠶ᠎ᠠ ᠪᠦᠬᠦᠢ ᠰᠠᠯᠠᠭ᠎ᠠ ᠮᠥᠴᠢᠷ᠂ ᠭᠠᠯ ᠤᠨᠲᠠᠷᠠᠭᠠᠬᠤ ᠰᠠᠯᠠᠭ᠎ᠠ ᠮᠥᠴᠢᠷ᠂ | ᠶᠡᠷᠦᠩᠬᠡᠶᠢᠯᠡᠭᠰᠡᠨ ᠬᠠᠤᠯᠢ ᠬᠡᠷᠡᠭᠵᠢᠭᠦᠯᠬᠦ ᠰᠠᠯᠠᠭ᠎ᠠ ᠮᠥᠴᠢᠷ ᠤᠳ ᠰᠠᠭᠤᠭᠠᠯᠢ ᠲᠣᠭᠤᠷᠢᠭ ᠤᠨ ᠠᠰᠠᠷ ᠤᠨ ᠭᠤᠳᠤᠮᠵᠢ᠂ ᠲᠡᠷᠭᠡ ᠵᠣᠭᠰᠣᠭᠠᠬᠤ ᠰᠠᠷᠠᠪᠴᠢᠨ | ᠳᠣᠲᠣᠷᠠᠬᠢ ᠣᠯᠠᠨ ᠨᠡᠶᠢᠲᠡ ᠶᠢᠨ ᠲᠣᠭᠤᠷᠢᠭ ᠲᠤ ᠣᠪᠣᠭᠠᠯᠠᠭᠰᠠᠨ ᠡᠯᠳᠡᠪ ᠪᠣᠳᠠᠰ᠂ ᠰᠠᠭᠤᠭᠠᠯᠢ ᠲᠣᠭᠤᠷᠢᠭ ᠤᠨ ᠴᠠᠬᠢᠯᠭᠠᠨ ᠬᠥᠳᠡᠯᠭᠡᠭᠦᠷᠲᠦ ᠲᠡᠷᠭᠡ ᠴᠡᠨᠡᠭᠯᠡᠬᠦ ᠪᠠᠷ | ᠡᠷᠦᠢ ᠬᠤᠷᠤᠢ ᠦᠭᠡᠢ ᠲᠠᠲᠠᠭᠰᠠᠨ ᠤᠲᠠᠰᠤ᠂ ᠥᠨᠳᠥᠷ ᠳᠠᠪᠬᠤᠷᠭ᠎ᠠ ᠶᠢᠨ ᠠᠰᠠᠷ ᠤᠨ ᠭᠤᠳᠤᠮᠵᠢ ᠳᠤ ᠣᠪᠣᠭᠠᠯᠠᠭᠰᠠᠨ ᠡᠯᠳᠡᠪ ᠪᠣᠳᠠᠰ᠂ ᠪᠠᠷᠢᠯᠭ᠎ᠠ ᠶᠢᠨ ᠬᠤᠭ | ᠨᠣᠪᠰᠢ ᠵᠡᠷᠭᠡ ᠶᠢ ᠴᠡᠪᠡᠷᠯᠡᠪᠡ᠃ ᠣᠯᠠᠨ ᠲᠠᠯ᠎ᠠ ᠶᠢᠨ ᠬᠠᠮᠲᠤ ᠶᠢᠨ ᠬᠦᠴᠦᠨ ᠢ ᠨᠢᠭᠲᠠᠷᠠᠭᠤᠯᠤᠨ᠂ ᠣᠯᠠᠨ ᠲᠦᠮᠡᠨ ᠤ ᠬᠦᠷᠲᠡᠮᠵᠢ ᠶᠢᠨ ᠲᠥᠷᠥᠭᠳᠡᠯ ᠢ ᠨᠡᠮᠡᠭᠳᠡᠭᠦᠯᠪᠡ᠃ | ᠣᠳᠣ ᠪᠣᠯᠲᠠᠯ᠎ᠠ᠂ ᠨᠡᠶᠢᠭᠡᠮ ᠲᠣᠭᠤᠷᠢᠭ ᠲᠤ ᠲᠤᠰᠬᠠᠭᠰᠠᠨ ᠵᠠᠭᠠᠯᠳᠤᠯᠭ᠎ᠠ 91 ᠪᠠᠶᠢᠵᠤ᠂ 2023 ᠣᠨ ᠤ 185 ᠬᠤᠪᠢ ᠲᠠᠢ ᠬᠠᠷᠢᠴᠠᠭᠤᠯᠪᠠᠯ 50% ᠪᠠᠷ | ᠪᠠᠭᠤᠷᠠᠨ᠂ ᠨᠡᠶᠢᠭᠡᠮ ᠲᠣᠭᠤᠷᠢᠭ ᠤᠨ ᠬᠢᠨ ︽ᠵᠠᠭᠠᠯᠳᠤᠯᠭ᠎ᠠ ᠶᠢ ᠭᠥᠯᠢᠶᠡᠨ ᠠᠪᠤᠮᠠᠭᠴᠠ ᠭᠦᠢᠴᠡᠳᠬᠡᠬᠦ︾ ᠪᠠᠶᠢᠭᠰᠠᠨ ᠠᠴᠠ ᠪᠠᠨ ︽ᠵᠠᠭᠠᠯᠳᠤᠭᠰᠠᠨ ᠦᠭᠡᠢ ᠪᠠᠷ | ᠭᠦᠢᠴᠡᠳᠬᠡᠬᠦ︾ ᠪᠣᠯᠭᠠᠨ ᠬᠤᠪᠢᠷᠠᠭᠤᠯᠪᠠ᠃ | ᠵᠢᠷᠭᠤᠭ᠎ᠠ᠂ ᠥᠮᠴᠢᠲᠡᠳ ᠤᠨ ᠵᠥᠪᠯᠡᠯ ᠢ ᠪᠠᠶᠢᠭᠤᠯᠵᠤ᠂ ᠠᠷᠠᠳ ᠤᠨ ᠵᠢᠷᠭᠠᠯᠲᠤ ᠲᠦᠷᠦᠭᠳᠡᠯ ᠢ ᠨᠡᠮᠡᠭᠳᠡᠭᠦᠯᠪᠡ | ᠭᠦ᠋ ᠶᠧ ᠨᠡᠶᠢᠭᠡᠮ ᠲᠣᠭᠤᠷᠢᠭ ᠤᠨ ᠬᠢᠨ ᠰᠠᠭᠤᠭᠠᠯᠢ ᠠᠷᠠᠳ ᠤᠨ ᠲᠣᠭᠤᠷᠢᠭ ᠤᠨ ᠥᠮᠴᠢᠲᠡᠳ ᠤᠨ ᠵᠥᠪᠯᠡᠯ ᠢ ᠪᠠᠶᠢᠭᠤᠯᠬᠤ ᠪᠠᠷ ᠦᠨᠳᠦᠰᠦᠨ ᠱᠠᠲᠤᠨ ᠤ | ᠵᠠᠰᠠᠯᠲᠠ ᠶᠢᠨ ᠴᠢᠳᠠᠪᠤᠷᠢ ᠶᠢ ᠳᠡᠭᠡᠭᠰᠢᠯᠡᠭᠦᠯᠬᠦ ᠭᠤᠣᠯᠳᠠᠯᠭ᠎ᠠ ᠪᠣᠯᠭᠠᠵᠤ᠂ ᠰᠠᠭᠤᠭᠠᠯᠢ ᠠᠷᠠᠳ ᠤᠨ ᠵᠥᠪᠯᠡᠯ᠂ ᠥᠮᠴᠢᠲᠡᠳ ᠤᠨ ᠵᠥᠪᠯᠡᠯ᠂ ᠠᠳᠠᠯ ᠠᠬᠤᠢ ᠶᠢᠨ | ᠺᠣᠮᠫᠠᠨᠢ ᠶᠢᠨ ᠭᠦᠨᠵᠡᠭᠡᠢ ᠠᠭᠤᠰᠤᠯᠴᠠᠯ ᠢ ᠲᠠᠰᠤᠷᠠᠯᠲᠠ ᠦᠭᠡᠢ ᠠᠬᠢᠭᠤᠯᠤᠨ᠂ ᠬᠠᠮᠲᠤᠪᠠᠷ ᠠᠳᠬᠤᠵᠤ ᠬᠠᠮᠲᠤᠪᠠᠷ ᠬᠠᠮᠢᠶᠠᠷᠬᠤ᠂ ᠬᠠᠮᠲᠤᠪᠠᠷ ᠵᠠᠰᠠᠵᠤ ᠬᠠᠮᠲᠤᠪᠠᠷ | ᠠᠰᠢᠭᠯᠠᠬᠤ ᠦᠨᠳᠦᠰᠦᠨ ᠱᠠᠲᠤᠨ ᠤ ᠵᠠᠰᠠᠯᠲᠠ ᠶᠢᠨ ᠰᠠᠭᠤᠷᠢᠨ ᠢ ᠪᠣᠢ ᠪᠣᠯᠭᠠᠪᠠ᠃ ᠰᠠᠭᠤᠭᠠᠯᠢ ᠠᠷᠠᠳ ᠤᠨ ᠪᠠᠴᠢᠮᠳᠠᠵᠤ ᠰᠠᠨᠠᠭᠠᠰᠢᠷᠠᠵᠤ ᠬᠦᠴᠢᠷᠳᠡᠵᠦ ᠪᠠᠶᠢᠭ᠎ᠠ | ᠠᠰᠠᠭᠤᠳᠠᠯ ᠢ ᠦᠨᠡᠨᠬᠦ ᠰᠢᠢᠳᠪᠦᠷᠢᠯᠡᠬᠦ ᠪᠠᠷ ᠨᠡᠶᠢᠭᠡᠮ ᠲᠣᠭᠤᠷᠢᠭ ᠤᠨ ᠬᠢᠨ ᠥᠮᠴᠢᠲᠡᠳ ᠤᠨ ᠵᠥᠪᠯᠡᠯ ᠤᠨ ᠵᠢᠱᠢᠭᠳᠡᠭᠴᠢ ᠶᠢ ᠥᠪᠡᠷ ᠢ ᠪᠠᠨ ᠲᠠᠨᠢᠯᠴᠠᠭᠤᠯᠬᠤ᠂ | ᠲᠠᠨᠢᠯᠴᠠᠭᠤᠯᠬᠤ ᠬᠡᠯᠪᠡᠷᠢ ᠪᠠᠷ ᠥᠮᠴᠢᠲᠡᠳ ᠤᠨ ᠵᠥᠪᠯᠡᠯ ᠤᠨ ᠵᠢᠱᠢᠭᠳᠡᠭᠴᠢ ᠶᠢ ᠲᠣᠭᠲᠠᠭᠠᠵᠤ᠂ ᠨᠡᠶᠢᠭᠡᠮ ᠲᠣᠭᠤᠷᠢᠭ ᠠᠴᠠ ᠥᠮᠴᠢᠲᠡᠳ ᠤᠨ ᠵᠥᠪᠯᠡᠯ ᠤᠨ | ᠵᠢᠱᠢᠭᠳᠡᠭᠴᠢ ᠶᠢᠨ ᠬᠢᠷᠢ ᠬᠡᠮ ᠢ ᠬᠢᠨᠠᠵᠤ ᠪᠠᠶᠢᠴᠠᠭᠠᠭᠠᠳ ᠨᠠᠮ ᠤᠨ ᠭᠡᠰᠢᠭᠦᠨ ᠢᠶᠠᠷ ᠭᠤᠣᠯᠯᠠᠭᠴᠢ ᠪᠣᠯᠭᠠᠭᠰᠠᠨ ᠥᠮᠴᠢᠲᠡᠳ ᠤᠨ ᠵᠥᠪᠯᠡᠯ ᠢ 9 ᠪᠠᠶᠢᠭᠤᠯᠪᠠ᠃ | ᠨᠡᠶᠢᠭᠡᠮ ᠲᠣᠭᠤᠷᠢᠭ ᠤᠨ ᠬᠢᠨ ᠥᠮᠴᠢᠲᠡᠳ ᠤᠨ ᠵᠥᠪᠯᠡᠯ ᠲᠠᠢ ᠬᠠᠮᠲᠤᠷᠠᠵᠤ ᠲᠠᠢ ᠹᠠ ᠰᠢᠶᠠᠩ ᠰᠠᠭᠤᠭᠠᠯᠢ ᠲᠣᠭᠤᠷᠢᠭ ᠤᠨ ᠲᠡᠷᠭᠡ ᠵᠣᠭᠰᠤᠭᠠᠬᠤ ᠳᠤ ᠬᠦᠴᠢᠷᠲᠡᠢ | ᠪᠠᠶᠢᠬᠤ ᠠᠰᠠᠭᠤᠳᠠᠯ ᠢ ᠰᠢᠢᠳᠪᠦᠷᠢᠯᠡᠨ᠂ 460 ᠭᠠᠷᠤᠢ ᠲᠡᠷᠭᠡᠨ ᠵᠣᠭᠰᠣᠭᠠᠯ ᠨᠡᠮᠡᠵᠦ᠂ ᠰᠠᠭᠤᠭᠠᠯᠢ ᠲᠣᠭᠤᠷᠢᠭ ᠤᠨ ᠥᠮᠴᠢᠲᠡᠳ ᠣᠷᠣᠢ ᠭᠡᠷ ᠲᠡᠭᠡᠨ ᠬᠠᠷᠢᠪᠠᠯ | ᠲᠡᠷᠭᠡ ᠵᠣᠭᠰᠣᠬᠤ ᠪᠠᠶᠢᠷᠢ ᠦᠭᠡᠢ ᠠᠴᠠ ᠵᠣᠪᠠᠭ᠋ᠤ ᠬᠡᠷᠡᠭ ᠦᠭᠡᠢ ᠪᠣᠯᠵᠠᠢ᠃ | ᠵᠢᠵᠢᠭ ᠰᠠᠵᠢᠭ ᠵᠦᠢᠯ ᠠᠴᠠ ᠦᠨᠡᠨ ᠰᠡᠳᠬᠢᠯᠭᠡ ᠢᠯᠡᠷᠡᠵᠦ᠂ ᠪᠠᠭ᠎ᠠ ᠰᠠᠭ᠎ᠠ ᠶᠠᠪᠤᠳᠠᠯ ᠬᠥᠮᠥᠰ ᠤᠨ ᠰᠡᠳᠬᠢᠯ ᠢ ᠳᠤᠯᠠᠭᠠᠴᠠᠭᠤᠯᠤᠨ᠎ᠠ᠃ ᠬᠥ᠋ ᠶᠧ ᠨᠡᠶᠢᠭᠡᠮ | ᠲᠣᠭᠤᠷᠢᠭ ᠤᠨ ᠬᠢᠨ ᠪᠥᠬᠦ ᠰᠡᠳᠬᠢᠯ ᠪᠥᠬᠦ ᠵᠣᠷᠢᠭ ᠢᠶᠠᠷ ᠢᠶᠠᠨ ᠠᠷᠠᠳ ᠲᠦᠮᠡᠨ ᠳᠤ ᠦᠢᠯᠡᠴᠢᠯᠡᠬᠦ ᠦᠨᠳᠦᠰᠦᠨ ᠵᠣᠷᠢᠯᠲᠠ ᠶᠢ ᠢᠮᠠᠭᠲᠠ ᠪᠠᠷᠢᠮᠲᠠᠯᠠᠵᠤ᠂ ᠣᠯᠠᠨ | ᠲᠦᠮᠡᠨ ᠤ ᠠᠰᠢᠭ ᠲᠤᠰᠠ ᠶᠢ ᠲᠡᠷᠢᠭᠦᠨ ᠪᠠᠶᠢᠷᠢᠨ ᠳᠤ ᠲᠠᠯᠪᠢᠨ᠂ ᠰᠠᠭᠤᠭᠠᠯᠢ ᠠᠷᠠᠳ ᠤᠨ ᠠᠩᠬᠠᠷᠤᠨ ᠬᠠᠯᠠᠮᠵᠢᠯᠠᠵᠤ ᠪᠠᠶᠢᠭ᠎ᠠ ᠠᠰᠠᠭᠤᠳᠠᠯ ᠢᠶᠠᠷ ᠠᠵᠢᠯ ᠤᠨ ᠢᠶᠠᠨ | ︽ᠬᠠᠷᠠᠯᠲᠠ︾ ᠪᠣᠯᠭᠠᠵᠤ᠂ ᠦᠢᠯᠡᠴᠢᠯᠡᠭᠡᠨ ᠤ ᠰᠢᠨ᠎ᠡ ᠠᠷᠭ᠎ᠠ ᠮᠠᠶ᠋ᠢᠭ ᠪᠠ ᠠᠷᠭ᠎ᠠ ᠵᠠᠮ ᠢ ᠲᠠᠰᠤᠷᠠᠯᠲᠠ ᠦᠭᠡᠢ ᠰᠦᠪᠡᠭᠴᠢᠯᠡᠨ᠂ ︽ᠣᠯᠠᠨ ᠲᠦᠮᠡᠨ ᠳᠤ ᠪᠣᠳᠠᠲᠠᠢ | ᠠᠵᠢᠯ ᠬᠢᠵᠦ ᠥᠭᠬᠦ︾ ᠰᠠᠶᠢᠨ ᠳᠤᠷ᠎ᠠ ᠶᠢᠨ ᠦᠢᠯᠡᠴᠢᠯᠡᠭᠡᠨ ᠤ ᠠᠵᠢᠯᠯᠠᠭ᠎ᠠ ᠶᠢ ᠦᠷᠭᠦᠯᠵᠢᠯᠡᠨ ᠥᠷᠨᠢᠭᠦᠯᠵᠦ᠂ ᠣᠯᠠᠨ ᠲᠦᠮᠡᠨ ᠳᠤ ᠦᠢᠯᠡᠴᠢᠯᠡᠬᠦ ᠴᠢᠨᠠᠷ ᠴᠢᠨᠰᠠᠭ᠎ᠠ | ᠪᠣᠯᠣᠨ ᠦᠷ᠎ᠡ ᠪᠦᠲᠦᠮᠵᠢ ᠶᠢ ᠳᠡᠭᠡᠭᠰᠢᠯᠡᠭᠦᠯᠦᠨ᠂ ᠬᠠᠷᠢᠶ᠎ᠠ ᠣᠷᠣᠨ ᠤ ᠪᠦᠲᠦᠭᠡᠨ ᠪᠠᠶᠢᠭᠤᠯᠤᠯᠲᠠ ᠳᠤ ᠡᠷᠭᠦᠪᠡᠰᠦ ᠵᠣᠬᠢᠬᠤ ᠬᠦᠴᠦᠨ ᠴᠢᠳᠠᠯ ᠢᠶᠠᠨ ᠡᠷᠭᠦᠪᠡ᠃ | | | | |