ᠠᠷᠠᠳ ᠤᠨ ᠲᠠᠭᠤᠤ ᠶᠢ ᠵᠠᠭᠤ ᠮᠡᠳᠡᠬᠦ ᠦᠬᠡᠢ ᠪᠤᠯ ᠲᠠᠭᠤᠴᠢᠨ ᠳᠤ ᠲᠤᠭᠤᠴᠠᠭᠳᠠᠬᠤ ᠦᠬᠡᠢ ᠬᠡᠰᠡᠨ ᠦᠬᠡ ᠪᠠᠶᠢᠳᠠᠭ᠃ ᠤᠷᠳᠤᠰ ᠠᠷᠠᠳ ᠤᠨ ᠲᠠᠭᠤᠤ ᠪᠠᠨ | ᠤᠷᠮᠠᠳᠠᠢ ᠰᠤᠷᠴᠦ ᠦᠪᠯᠡᠨ ᠤᠯᠠᠮᠵᠢᠯᠠᠵᠦ ᠶᠠᠪᠤᠭ᠎ᠠ ᠡᠷᠳᠡᠨᠢᠬᠤᠸᠠᠷ ᠪᠠᠭᠰᠢ ᠶᠢ ᠲᠤᠷᠠᠳᠬᠤ ᠪᠦᠷᠢ ᠠᠶ᠎ᠡ ᠨᠤᠭᠤᠯᠤᠭ᠎ᠠ ᠶᠢ ᠡᠪᠳᠡᠢ ᠭᠠᠷᠭᠠᠵᠦ ᠰᠠᠶᠢᠬᠠᠨ ᠲᠠᠭᠤᠯᠠᠳᠠᠭ | ᠬᠡᠵᠦ ᠰᠤᠨᠤᠰᠤᠭᠴᠢ ᠲᠦᠮᠡᠨ ᠶᠠᠷᠢᠳᠠᠭ ᠪᠠᠶᠢᠯ᠎ᠠ᠃ | ᠡᠷᠳᠡᠨᠢᠬᠤᠸᠠᠷ ᠪᠠᠭᠰᠢ ᠳᠡᠭᠡᠷ᠎ᠡ ᠵᠠᠭᠤᠨ ᠤ ᠶᠡᠷᠡᠭᠡᠳ ᠣᠨ ᠠᠴᠠ ᠡᠬᠢᠯᠡᠨ ᠤᠯᠠᠭᠠᠨᠮᠥ᠋ᠴᠢᠷ ᠲᠤ ᠠᠵᠢᠯᠯᠠᠵᠦ᠂ ᠠᠶᠠᠯᠭᠤ ᠰᠠᠶᠢᠬᠠᠨ ᠲᠠᠭᠤᠤ ᠪᠠᠷ ᠢᠶᠠᠨ ᠨᠠᠮ | ᠵᠠᠰᠠᠭ᠂ ᠨᠤᠲᠤᠭ ᠤᠰᠤ ᠪᠠᠨ ᠮᠠᠭᠲᠠᠨ ᠳᠠᠭᠤᠯᠠᠵᠤ᠂ ᠤᠷᠳᠤᠰ ᠠᠷᠠᠳ ᠤᠨ ᠲᠠᠭᠤᠤ ᠪᠠᠨ ᠬᠤᠯᠠ ᠶᠢᠨ ᠬᠤᠯᠠ᠂ ᠠᠯᠤᠰ ᠤᠨ ᠠᠯᠤᠰ ᠲᠤ ᠰᠤᠨᠤᠷᠳᠠᠭᠤᠯᠵᠦ ᠪᠠᠶᠢᠵᠠᠢ᠃ | ︽ᠪᠢ ᠤᠳᠤ ᠤᠯᠤᠰ ᠤᠨ ᠨᠢᠬᠡᠳᠦᠬᠡᠷ ᠲᠡᠰ ᠤᠨ ᠲᠤᠭᠯᠠᠭᠴᠢ ᠶᠢᠨ ᠦᠨᠠᠮᠯᠠᠯ ᠢ ᠬᠦᠷᠳᠡᠵᠡᠢ᠂ ᠡᠨᠡᠭᠦ ᠢᠷᠠᠭᠤ ᠠᠯᠳᠠᠷ ᠢ ᠮᠠᠯᠴᠢᠨ ᠲᠦᠮᠡᠨ ᠠᠴᠠ ᠨᠠᠳᠠ ᠳᠤ | ᠤᠯᠭᠤᠭᠰᠠᠨ᠂ ᠡᠶᠢᠮᠦ ᠠᠴᠠ ᠶᠠᠭᠤ ᠨᠢᠬᠡ ᠶᠢ ᠬᠢᠵᠦ ᠲᠡᠳᠡᠨ ᠳᠡᠭᠡᠨ ᠬᠠᠷᠢᠭᠤ ᠦᠭᠭᠦ ᠲᠤᠬᠠᠢ ᠦᠷᠬᠦᠯᠵᠢ ᠪᠤᠳᠤᠳᠠᠭ᠂ ᠢᠩᠭᠢᠬᠡᠳ ᠣᠷᠳᠣᠰ ᠠᠷᠠᠳ ᠤᠨ ᠳᠠᠭᠤᠤ ᠳᠤ | ᠪᠠᠭ᠋ᠠᠳᠠᠢ ᠨᠤᠳᠤᠭ ᠤᠨ ᠮᠠᠯᠴᠢᠳ ᠢᠶᠠᠨ ᠵᠣᠬᠢᠶᠠᠨ ᠪᠠᠶᠢᠭᠤᠯᠵᠤ ᠠᠷᠠᠳ ᠤᠨ ᠲᠠᠭᠤᠨ ᠤ ᠪᠣᠯᠪᠠᠰᠤᠷᠠᠯ ᠡᠷᠬᠢᠯᠡᠨ᠂ ᠪᠠᠰᠠ ᠮᠠᠯᠴᠢᠳ ᠤᠨ ᠨᠠᠶᠢᠷᠠᠯ ᠲᠠᠭᠤᠨ ᠤ | ᠪᠦᠯᠬᠦᠮ ᠢ ᠳᠠᠩᠰᠠᠯᠠᠭᠤᠯᠤᠨ ᠪᠠᠶᠢᠭᠤᠯᠵᠦ᠂ ᠲᠡᠳᠡᠨ ᠢᠶᠠᠨ ᠳᠠᠭᠠᠭᠤᠯᠤᠨ ᠤᠯᠠᠨ ᠭᠠᠵᠠᠷ ᠢᠶᠠᠷ ᠲᠣᠭᠯᠠᠯᠲᠠ ᠭᠠᠷᠭᠠᠳᠠᠭ︾ ᠬᠡᠵᠦ ᠡᠷᠳᠡᠨᠢᠬᠤᠸᠠᠷ ᠪᠠᠭᠰᠢ ᠶᠠᠷᠢᠵᠦ | ᠪᠠᠶᠢᠯ᠎ᠠ᠃ | ᠣᠷᠳᠣᠰ ᠠᠷᠠᠳ ᠤᠨ ᠳᠠᠭᠤᠤ ᠶᠢ ᠬᠠᠮᠠᠭᠠᠯᠠᠨ ᠤᠯᠠᠮᠵᠢᠯᠠᠬᠤ ᠶᠢᠨ ᠲᠥᠯᠥᠭᠡ᠂ ᠲᠡᠷᠡ ᠤᠷᠢᠳ ᠬᠤᠵᠢᠳ ︽ᠥᠨᠢᠳᠡ ᠶᠢᠨ ᠮᠥᠷᠥᠭᠡᠳᠦᠯ︾ ︽ᠡᠯᠢᠬᠡᠨ | ᠬᠠᠶᠢᠷᠠᠲᠤ ᠣᠲᠤᠭ︾ ︽ᠭᠠᠶᠢᠬᠠᠮᠰᠢᠭᠲᠤ ᠥᠯᠥᠭᠡᠢ︾ ᠵᠡᠷᠭᠡ ᠬᠤᠪᠢ ᠬᠥᠮᠦᠨ ᠤ ᠲᠤᠰᠬᠠᠶ ᠡᠮᠬᠢᠳᠬᠡᠯ ᠢᠶᠠᠨ ᠰᠢᠩᠭᠡᠭᠡᠨ ᠲᠠᠷᠬᠠᠭᠠᠵᠦ᠂ ᠪᠠᠰᠠ 50 ᠭᠠᠷᠤᠢ | ᠮᠠᠷᠲᠠᠭᠳᠠᠨ ᠤᠷᠬᠢᠭᠳᠠᠬᠤ ᠪᠠᠷ ᠪᠠᠶᠢᠭ᠎ᠠ ᠤᠷᠳᠤᠰ ᠠᠷᠠᠳ ᠤᠨ ᠲᠠᠭᠤᠤ ᠶᠢ ᠪᠦᠷᠢᠳᠬᠡᠨ ᠲᠡᠮᠳᠡᠭᠯᠡᠵᠦ᠂ 108 ᠭᠠᠷᠤᠢ ᠤᠷᠳᠤᠰ ᠠᠷᠠᠳ ᠤᠨ ᠳᠠᠭᠤᠤ ᠶᠢ ᠰᠢᠩᠭᠡᠭᠡᠨ | ᠦᠢᠯᠡᠳᠪᠡ᠃ | ᠠᠷᠠᠳ ᠤᠨ ᠲᠠᠭᠤᠤ ᠪᠤᠯ ᠠᠭᠤᠳᠠᠯᠠᠵᠦ ᠪᠠᠷᠠᠰᠢ ᠦᠬᠡᠢ ᠡᠷᠳᠡᠨᠢᠰ ᠤᠨ ᠰᠠᠩ᠂ ᠰᠤᠷᠤᠭᠠᠳ ᠪᠠᠷᠠᠰᠢ ᠦᠬᠡᠢ ᠡᠷᠳᠡᠮ ᠤᠨ ᠲᠡᠯᠡᠢ ᠶᠤᠮᠰᠠᠨ᠃ ᠡᠷᠳᠡᠨᠢᠬᠤᠸᠠᠷ | ᠪᠠᠭᠰᠢ ᠶᠢᠨ ᠭᠡᠷ ᠪᠦᠯᠢ ᠶᠢᠨ ᠨᠥᠯᠥᠭᠡᠯᠡᠯ ᠢᠶᠠᠷ ᠣᠳᠣ ᠲᠡᠬᠦᠨ ᠤ ᠶᠡᠭᠡ ᠥᠬᠢᠨ ᠨᠢ ᠤᠷᠠᠯᠢᠭ ᠤᠨ ᠵᠠᠮ ᠮᠦᠷ ᠢ ᠬᠦᠬᠡᠬᠡᠵᠦ᠂ ᠪᠠᠭ᠎ᠠ ᠥᠬᠢᠨ ᠨᠢ ᠴᠦ ᠰᠣᠶᠣᠯ | ᠤᠷᠠᠯᠢᠭ ᠲᠤ ᠠᠪᠢᠶᠠᠰ ᠲᠠᠢ ᠪᠤᠯᠵᠦ᠂ ᠲᠡᠯᠠᠢ ᠪᠠᠶᠠᠨ ᠰᠤᠶᠤᠯ ᠤᠨ ᠦᠪ ᠢᠶᠠᠨ ᠬᠢᠴᠢᠶᠠᠩᠭᠦᠶᠢᠯᠡᠨ ᠰᠤᠷᠴᠦ ᠲᠠᠭᠤᠯᠠᠵᠦ ᠯᠡ ᠶᠠᠪᠤᠨᠠᠮ᠃ | | ᠰᠣᠷᠪᠤᠯᠵᠢᠯᠠᠬᠴᠢ᠄ ᠡᠷᠳᠡᠨᠢᠲᠠᠨ᠎ᠠ ᠪᠠᠢ ᠰᠠᠶᠢᠨᠪᠢᠯᠢᠭ᠌ |