ᠬᠡᠦᠭᠡᠳ ᠤᠨ ᠲᠦᠷᠦᠯᠬᠢ ᠠᠪᠢᠶᠠᠰ ᠢ ᠪᠤᠯᠠᠭᠳᠠᠭᠤᠯᠤᠨᠠ ᠲᠡᠬᠦᠯᠳᠡᠷ ᠬᠦᠭᠵᠢᠮ᠂ ᠵᠢᠷᠤᠭ ᠵᠢᠷᠤᠬᠤ᠂ ᠪᠦᠵᠢᠭ ᠪᠦᠵᠢᠭᠯᠡᠬᠦ ᠁ ᠨᠡᠩ ᠤᠯᠠᠨ ᠬᠡᠷ ᠤᠨ | ᠠᠬᠠᠮᠠᠳ ᠤᠯᠠᠮ ᠢᠶᠠᠷ ᠬᠠᠷᠮᠠᠨ ᠤ ᠵᠤᠭᠤᠰ ᠢᠶᠠᠨ ᠬᠠᠷᠠᠮᠨᠠᠯ ᠦᠭᠡᠢ ᠪᠠᠷ ᠬᠡᠦᠭᠡᠳ ᠢᠶᠠᠨ ᠡᠯ᠎ᠡ ᠵᠦᠢᠯ ᠤᠨ ᠪᠤᠯᠪᠠᠰᠤᠷᠠᠯ ᠤᠨ ᠠᠩᠬᠢ ᠳᠤ ᠬᠦᠷᠭᠡᠵᠦ ᠪᠤᠢ᠃ ᠲᠤᠰᠬᠠᠢ | ᠮᠡᠷᠭᠡᠵᠢᠯᠳᠡᠨ ᠤ ᠵᠢᠭᠠᠵᠤ ᠭᠠᠷᠭᠠᠭᠰᠠᠨ ᠢᠶᠠᠷ᠂ ᠤᠯᠠᠩᠬᠢ ᠬᠡᠷ ᠤᠨ ᠠᠬᠠᠮᠠᠳ ᠬᠡᠦᠭᠡᠳ ᠤᠨ ᠰᠤᠷᠤᠯᠴᠠᠬᠤ ᠴᠢᠳᠠᠪᠤᠷᠢ ᠶᠢᠨ ᠲᠤᠬᠠᠢ ᠵᠦᠪ ᠤᠨᠤᠪᠴᠢᠳᠠᠢ | ᠤᠶᠢᠢᠯᠠᠭᠠᠬᠤ ᠦᠭᠡᠢ ᠠᠴᠠ ᠪᠤᠯᠵᠤ᠂ ᠶᠡᠷᠦᠳᠡᠭᠡᠨ ᠨᠡᠶᠢᠭᠡᠮ ᠲᠡᠭᠡᠷᠡᠬᠢ ᠨᠢᠭᠡᠳᠦᠯᠳᠡᠢ ︽ᠴᠢᠳᠠᠪᠤᠷᠢᠳᠠᠨ ᠤ ᠪᠠᠷᠢᠮᠵᠢᠶ᠎ᠠ︾ ᠪᠠᠷ ᠬᠡᠦᠭᠡᠳ ᠢᠶᠠᠨ ᠠᠯᠪᠠᠳᠠᠨ ᠰᠤᠷᠭᠠᠵᠤ | ᠪᠠᠶᠢᠳᠠᠭ᠂ ᠡᠬᠦᠨ ᠤ ᠳ᠋ᠦᠩ ᠳᠤ ᠬᠡᠦᠭᠡᠳ ᠤᠨ ᠦᠰᠦᠨ ᠪᠤᠶᠢᠵᠢᠯᠳᠠ ᠳᠤ ᠤᠯᠠᠨ ᠠᠰᠢᠭ ᠦᠭᠡᠢ ᠬᠢᠳᠡᠯ ᠢ ᠪᠤᠢ ᠪᠤᠯᠭᠠᠵᠤ ᠪᠤᠢ᠃ ᠪᠤᠷᠤᠭᠤ ᠲᠠᠨᠢᠯᠳᠠ ᠨᠢᠭᠡ᠄ | ᠬᠡᠦᠭᠡᠳ ᠮᠡᠯᠡᠷᠡᠵᠦ ᠰᠠᠭᠤᠬᠤ ᠨᠢ ᠠᠰᠠᠭᠤᠳᠠᠯ ᠲᠠᠢ ᠭᠡᠬᠦ ᠤᠯᠠᠩᠬᠢ ᠬᠡᠷ ᠤᠨ ᠠᠬᠠᠮᠠᠳ ᠬᠡᠦᠭᠡᠳ ᠨᠢ ᠬᠡᠷ ᠲᠡᠭᠡᠨ ᠭᠠᠭᠴᠠᠭᠠᠷ ᠰᠠᠭᠤᠵᠤ ᠶᠠᠭᠤ ᠴᠦ ᠬᠢᠬᠦ ᠦᠭᠡᠢ ᠪᠠᠷ | ᠵᠦᠪᠬᠡᠨ ᠴᠤᠩᠬᠤᠨ ᠭᠠᠳᠠᠨᠡᠬᠢ ᠤᠭᠳᠠᠷᠭᠤᠢ ᠶᠢ ᠬᠠᠷᠠᠵᠤ ᠮᠡᠯᠡᠷᠡᠵᠦ ᠪᠠᠶᠢᠬᠤ ᠶᠢ ᠬᠠᠷᠠᠪᠠᠯ ᠶᠡᠷᠦᠳᠡᠭᠡᠨ ᠡᠨᠡ ᠬᠡᠦᠭᠡᠳ ᠶᠠᠮᠠᠷ ᠠᠰᠠᠭᠤᠳᠠᠯ ᠲᠠᠢ ᠪᠤᠯᠪᠠᠤ ᠬᠡᠵᠦ | ᠪᠤᠳᠤᠳᠠᠭ᠂ ᠡᠰᠡᠬᠦᠯ᠎ᠡ ᠴᠠᠭ ᠭᠠᠷᠤᠵᠠᠳᠠᠭᠤᠯᠵᠤ ᠪᠠᠶᠢᠨ᠎ᠠ ᠬᠡᠵᠦ ᠦᠵᠡᠳᠡᠭ᠃ ᠦᠨᠡᠨ ᠳᠡᠭᠡᠨ ᠬᠡᠦᠭᠡᠳ ᠮᠡᠯᠡᠷᠡᠵᠦ ᠰᠠᠭᠤᠬᠤ ᠨᠢ ᠪᠠᠰᠠ ᠨᠢᠭᠡ ᠵᠦᠢᠯ ᠤᠨ | ᠰᠤᠷᠤᠯᠴᠠᠯᠭ᠎ᠠ ᠮᠦᠨ᠃ ᠬᠡᠳᠦ᠋ᠢᠪᠡᠷ ᠦᠪᠡᠷ ᠲᠡᠭᠡᠨ ᠶᠠᠭᠤ ᠬᠢᠵᠦ ᠪᠠᠶᠢᠬᠤ ᠪᠠᠨ ᠮᠡᠳᠡᠬᠦ ᠦᠭᠡᠢ ᠪᠤᠯᠪᠠᠴᠤ ᠲᠡᠷᠡ ᠨᠢ ᠮᠦᠨ ᠨᠢᠭᠡ ᠵᠦᠢᠯ ᠤᠨ ᠰᠤᠷᠤᠯᠴᠠᠯᠭ᠎ᠠ ᠶᠢᠨ | ᠪᠠᠶᠢᠳᠠᠯ ᠳᠤ ᠤᠷᠤᠰᠢᠵᠤ ᠪᠠᠶᠢᠳᠠᠭ᠃ ᠰᠤᠷᠤᠯᠴᠠᠯᠭ᠎ᠠ ᠳᠤ ︽ᠢᠯᠡᠷᠡᠬᠦᠢ ᠰᠤᠷᠤᠯᠴᠠᠯᠭ᠎ᠠ︾ ᠬᠢᠭᠡᠳ ︽ᠨᠢᠭᠤᠬᠳᠠᠬᠤᠢ ᠰᠤᠷᠤᠯᠴᠠᠯᠭ᠎ᠠ︾ ᠬᠡᠵᠦ ᠪᠤᠢ᠂ ᠡᠮᠦᠨᠡᠬᠢ ᠨᠢ | ᠠᠩᠭ᠍ᠯᠢ ᠬᠡᠯᠡᠨ ᠤ ᠰᠤᠷᠤᠯᠴᠠᠯᠭ᠎ᠠ᠂ ᠮᠡᠷᠭᠡᠵᠢᠯ ᠤᠨ ᠰᠤᠷᠤᠯᠴᠠᠯᠭ᠎ᠠ ᠵᠡᠷᠭᠡ ᠪᠤᠯ᠂ ᠬᠤᠶᠢᠨᠠᠬᠢ ᠨᠢ ᠬᠠᠷᠢᠨ ᠰᠠᠨᠠᠮᠰᠠᠷ ᠦᠭᠡᠢ ᠰᠤᠷᠤᠯᠴᠠᠯᠭ᠎ᠠ ᠪᠤᠯᠤᠨ᠎ᠠ᠃ ᠪᠢᠳᠡᠡ ᠤ | ᠦᠵᠡᠬᠦ ᠪᠠᠷ ᠪᠢᠳᠡ ᠶᠠᠭᠤ ᠴᠦ ᠪᠤᠳᠤᠵᠤ ᠦᠭᠡᠢ ᠰᠢᠭ ᠪᠤᠯᠪᠠᠴᠤ ᠬᠦᠮᠦᠨ ᠤ ᠲᠠᠷᠢᠬᠢ ᠮᠦᠨ ᠬᠦ ᠵᠠᠷᠢᠮ ᠮᠡᠳᠡᠭᠡ ᠵᠠᠩᠬᠢ ᠶᠢ ᠬᠠᠳᠠᠭᠠᠯᠠᠬᠤ᠂ ᠡᠮᠬᠢᠳᠭᠡᠬᠦ ᠪᠠ | ᠪᠤᠯᠪᠠᠰᠤᠷᠠᠭᠤᠯᠬᠤ ᠪᠠᠶᠢᠳᠠᠯ ᠳᠤ ᠤᠷᠤᠰᠢᠵᠤ ᠪᠠᠶᠢᠳᠠᠭ᠂ ᠲᠡᠷᠡ ᠨᠢ ᠵᠦᠪᠬᠡᠨ ᠵᠤᠷᠢᠯᠭ᠎ᠠ ᠲᠠᠢ ᠴᠢᠷᠮᠠᠶᠢᠨ ᠬᠢᠵᠦ ᠪᠠᠶᠢᠭ᠎ᠠ ᠪᠢᠰᠢ ᠲᠡᠳᠦᠢ᠃ ᠪᠤᠷᠤᠭᠤ ᠲᠠᠨᠢᠯᠳᠠ | ᠬᠤᠶᠠᠷ᠄ ᠤᠢ ᠪᠢᠯᠢᠭ ᠤᠨ ᠰᠢᠯᠭᠠᠨ ᠬᠡᠮᠵᠢᠯᠳᠡ ᠶᠢ ᠰᠤᠬᠤᠷ ᠪᠠᠯᠠᠢ ᠪᠠᠷ ᠢᠳᠡᠭᠡᠬᠦ ᠶᠤᠸᠠᠨ ᠶᠤᠸᠠᠨ 3 ᠨᠠᠰᠤᠯᠠᠪᠠ᠂ ᠦᠭᠡ ᠬᠡᠯᠡᠬᠦ᠂ ᠬᠦᠳᠡᠯᠭᠡᠭᠡᠨ ᠬᠢᠬᠦ᠂ | ᠬᠡᠦᠭᠡᠳ ᠤᠨ ᠲᠠᠭᠤᠤ ᠰᠢᠯᠦᠭ ᠴᠡᠭᠡᠵᠢᠯᠡᠬᠦ᠂ ᠲᠤᠭ᠎ᠠ ᠲᠤᠭᠠᠯᠠᠬᠤ ᠵᠡᠷᠭᠡ ᠲᠠᠯ᠎ᠠ ᠪᠠᠷ ᠠᠳᠠᠯᠢ ᠨᠠᠰᠤᠨ ᠤ ᠬᠡᠦᠭᠡᠳ ᠲᠤ ᠬᠦᠷᠬᠦ ᠦᠭᠡᠢ ᠰᠢᠭ᠃ ᠡᠵᠢ ᠨᠢ ᠶᠤᠸᠠᠨ | ᠶᠤᠸᠠᠨ ᠢ ᠲᠠᠭᠠᠭᠤᠯᠵᠤ ᠤᠢ ᠪᠢᠯᠢᠭ ᠤᠨ ᠰᠢᠯᠭᠠᠨ ᠬᠡᠮᠵᠢᠯᠳᠡ ᠬᠢᠯᠭᠡᠪᠡ᠃ ᠠᠷᠠᠢ ᠴᠢᠮᠠᠢ ᠤᠯᠤᠭᠰᠠᠨ ᠰᠢᠯᠭᠠᠨ ᠬᠡᠮᠵᠢᠯᠳᠡ ᠶᠢᠨ ᠦᠷ᠎ᠡ ᠳ᠋ᠦᠩ ᠢ ᠬᠠᠷᠠᠭᠠᠳ ᠶᠤᠸᠠᠨ | ᠶᠤᠸᠠᠨ ᠤ ᠡᠵᠢ ᠨᠢ ᠲᠤᠩ ᠵᠤᠪᠠᠨᠢᠪᠠ᠃ ᠲᠤᠰᠬᠠᠢ ᠮᠡᠷᠭᠡᠵᠢᠯᠳᠡᠨ ᠤ ᠵᠢᠭᠠᠵᠤ ᠭᠠᠷᠭᠠᠭᠰᠠᠨ ᠢᠶᠠᠷ᠂ ᠤᠢ ᠪᠢᠯᠢᠭ ᠤᠨ ᠰᠢᠯᠭᠠᠨ ᠪᠠᠶᠢᠴᠠᠭᠠᠯᠲᠠ ᠨᠢ ᠵᠦᠪᠬᠡᠨ | ᠬᠡᠦᠭᠡᠳ ᠤᠨ ᠵᠠᠷᠢᠮ ᠲᠠᠯ᠎ᠠ ᠶᠢᠨ ᠴᠢᠳᠠᠪᠤᠷᠢ ᠶᠢ ᠬᠡᠮᠵᠢᠵᠦ ᠭᠠᠷᠬᠤ ᠲᠡᠳᠦᠢ᠃ ᠬᠡᠷᠪᠡ ᠡᠨᠡᠬᠦ ᠬᠤᠪᠢ ᠶᠢ ᠦᠨᠳᠦᠰᠦᠯᠡᠵᠦ ᠭᠡᠦᠭᠡᠳ ᠢ ᠪᠢᠳᠠᠭᠤ ᠤᠳᠠᠭᠠᠨ ᠢᠶᠠᠷ | ᠦᠵᠡᠬᠦ ᠨᠢ ᠬᠡᠦᠭᠡᠳ ᠤᠨ ᠪᠤᠰᠤᠳ ᠲᠠᠯ᠎ᠠ ᠶᠢᠨ ᠴᠢᠳᠠᠪᠤᠷᠢ ᠶᠢᠨ ᠬᠦᠭᠵᠢᠯᠳᠡ ᠶᠢ ᠨᠦᠯᠦᠭᠡᠯᠡᠵᠦ᠂ ᠬᠡᠦᠭᠡᠳ ᠤᠨ ᠦᠰᠦᠨ ᠪᠤᠶᠢᠵᠢᠯᠳᠠ ᠶᠢ ᠬᠠᠷᠰᠢᠯᠠᠬᠤ ᠪᠤᠯᠤᠨ᠎ᠠ | ᠬᠡᠵᠡᠢ᠃ ᠤᠳᠤᠬᠠᠨ ᠤ ᠮᠠᠰᠢ ᠤᠯᠠᠨ ᠤᠢ ᠪᠢᠯᠢᠭ ᠤᠨ ᠰᠢᠯᠭᠠᠨ ᠬᠡᠮᠵᠢᠯᠳᠡ ᠨᠢ ᠰᠡᠳᠬᠢᠴᠡ ᠶᠢᠨ ᠤᠬᠠᠭᠠᠨ ᠤ ᠪᠤᠳᠠᠳᠠᠢ ᠬᠦᠭᠵᠢᠯᠳᠡ ᠠᠴᠠ ᠬᠤᠴᠤᠷᠴᠤ ᠵᠦᠪᠬᠡᠨ | ᠬᠡᠦᠭᠡᠳ ᠤᠨ ᠬᠡᠰᠡᠭ ᠴᠢᠳᠠᠪᠤᠷᠢ ᠶᠢ ᠬᠡᠮᠵᠢᠵᠦ ᠲᠡᠶᠢᠯᠬᠦ ᠪᠤᠯᠬᠤᠷ ᠲᠡᠷᠡ ᠨᠢ ᠦᠨᠡᠨ ᠳᠡᠭᠡᠨ ᠬᠡᠦᠭᠡᠳ ᠤᠨ ᠪᠤᠰᠤᠳ ᠲᠠᠯ᠎ᠠ ᠶᠢᠨ ᠴᠢᠳᠠᠪᠤᠷᠢ ᠶᠢᠨ ᠬᠦᠭᠵᠢᠯᠳᠡ ᠶᠢ | ᠬᠠᠷᠰᠢᠯᠠᠵᠤ ᠮᠡᠳᠡᠨ᠎ᠡ᠃ ᠪᠤᠷᠤᠭᠤ ᠲᠠᠨᠢᠯᠳᠠ ᠭᠤᠷᠪᠠ᠄ ︽ᠤᠳᠠᠭᠠᠨ ᠬᠡᠦᠭᠡᠳ︾ ᠪᠤᠯ ︽ᠪᠢᠳᠠᠭᠤ ᠬᠡᠦᠭᠡᠳ︾ ᠭᠡᠬᠦ ︽ᠤᠳᠠᠭᠠᠨ ᠬᠡᠦᠭᠡᠳ︾ ᠶᠠᠭᠤᠮ᠎ᠠ | ᠰᠤᠷᠬᠤ ᠳᠤ ᠪᠤᠰᠤᠳ ᠬᠡᠦᠭᠡᠳ ᠠᠴᠠ ᠤᠳᠠᠭᠠᠨ᠂ ᠰᠢᠨ᠎ᠡ ᠤᠷᠴᠢᠨ ᠳᠤ ᠵᠤᠬᠢᠴᠠᠬᠤ ᠳᠤ ᠬᠡᠷᠡᠭᠰᠡᠬᠦ ᠴᠠᠭ ᠨᠢ ᠤᠷᠳᠤ᠃ ᠡᠳᠡᠭᠡᠷ ᠨᠢ ᠪᠦᠷ ᠬᠡᠷ ᠤᠨ ᠠᠬᠠᠮᠠᠳ ᠪᠤᠶᠤ | ᠪᠠᠭᠰᠢ ᠳᠤ ︽ᠪᠢᠳᠠᠭᠤ︾ ᠬᠡᠬᠦ ᠲᠦᠷᠦᠭᠳᠡᠯ ᠦᠭᠳᠡᠭ᠃ ᠲᠤᠰᠬᠠᠢ ᠮᠡᠷᠭᠡᠵᠢᠯᠳᠡᠨ ᠤ ᠵᠢᠭᠠᠵᠤ ᠭᠠᠷᠭᠠᠭᠰᠠᠨ ᠢᠶᠠᠷ᠂ ᠡᠳᠡᠭᠡᠷ ᠪᠤᠯ ᠬᠡᠦᠭᠡᠳ ᠤᠨ ᠵᠤᠬᠢᠴᠠᠬᠤ | ᠴᠢᠳᠠᠪᠤᠷᠢ ᠲᠤᠤᠷ᠎ᠠ ᠪᠠᠶᠢᠬᠤ ᠶᠢᠨ ᠢᠯᠡᠷᠡᠯ ᠮᠦᠨ᠂ ᠬᠡᠪᠡᠴᠦ ᠲᠡᠷᠡ ᠨᠢ ᠬᠡᠦᠭᠡᠳ ᠤᠨ ᠴᠢᠳᠠᠪᠤᠷᠢ ᠪᠤᠯᠬᠤ ᠦᠭᠡᠢ ᠬᠡᠰᠡᠨ ᠪᠢᠰᠢ᠂ ᠲᠡᠷᠡ ᠨᠢ ᠵᠦᠪᠬᠡᠨ ᠬᠡᠦᠭᠡᠳ ᠤᠨ | ᠨᠢᠭᠡ ᠵᠦᠢᠯ ᠤᠨ ᠠᠵᠢᠯᠯᠠᠭᠠᠨ ᠤ ᠬᠡᠯᠪᠡᠷᠢ ᠲᠡᠳᠦᠢ᠃ ︽ᠤᠳᠠᠭᠠᠨ ᠬᠡᠦᠭᠡᠳ︾ ᠨᠢᠭᠡ ᠪᠠᠳᠠᠭ ᠰᠢᠯᠦᠭ ᠰᠤᠷᠬᠤ ᠳᠤ ᠤᠳᠠᠭᠠᠨ ᠰᠢᠭ᠋ ᠪᠤᠯᠪᠠᠴᠤ ᠶᠡᠷᠦᠳᠡᠭᠡᠨ ᠪᠠᠬᠢ᠂ | ᠤᠳᠠᠭᠠᠨ ᠴᠡᠭᠡᠵᠢᠯᠡᠳᠡᠭ᠃ ᠡᠨᠡ ᠪᠤᠯ ᠲᠡᠳᠡᠨ ᠤ ᠶᠠᠭᠤᠮ᠎ᠠ ᠰᠤᠷᠬᠤ ᠨᠢᠭᠡ ᠵᠦᠢᠯ ᠤᠨ ᠲᠠᠳᠬᠠᠯ ᠤᠨ ᠬᠡᠯᠪᠡᠷᠢ ᠪᠤᠯᠤᠨ᠎ᠠ ᠬᠡᠵᠡᠢ᠃ | | |