ᠲᠦᠮᠡᠨᠵᠢᠷᠭᠠᠯ
ᠨᠡᠶᠢᠲᠡᠯᠡᠭᠰᠡᠨ ᠴᠠᠭ᠄
2024/2/2
      ᠲᠦᠮᠡᠨᠵᠢᠷᠭᠠᠯ᠄ ᠮᠣᠩᠭᠤᠯ ᠦᠨᠳᠦᠰᠦᠲᠡᠨ᠂ ᠡᠷᠡᠭᠲᠡᠢ᠂ ᠬᠢᠲᠠᠳ ᠨᠡᠷ᠎ᠡ ᠨᠢ ᠯᠢᠦ ᠪᠣᠤ ᠼᠠᠢ ᠭᠡᠳᠡᠭ᠂ 1906 ᠣᠨ ᠳᠤ ᠣᠲᠤᠭ ᠬᠤᠰᠢᠭᠤᠨ ᠤ ᠶᠡᠭᠡ ᠬᠥᠭᠡᠪᠦᠷ ︵ᠣᠳᠣ ᠶᠢᠨ ᠦᠮᠡᠬᠡᠶᠢᠨᠠᠭᠤᠷ ᠰᠢᠶᠠᠩ ᠤᠨ ᠶᠡᠭᠡ ᠬᠥᠭᠡᠪᠦᠷ ᠲᠣᠰᠬᠤᠨ︶ ᠲᠤ ᠶᠠᠳᠠᠭᠤ ᠮᠠᠯᠴᠢᠨ ᠪᠠᠶᠠᠨᠰᠠᠩ ᠤᠨ ᠠᠬᠠᠮᠠᠳ ᠬᠥᠪᠡᠭᠦᠨ ᠪᠣᠯᠣᠨ ᠵᠠᠶᠠᠭᠠᠵᠠᠢ᠃      1915 ᠣᠨ ᠳᠤ ᠶᠡᠭᠡ ᠬᠥᠭᠡᠪᠦᠷ ᠤᠨ ᠰᠦᠮ᠎ᠡ ᠳᠡᠭᠡᠷ᠎ᠡ ᠯᠠᠮᠠ ᠪᠣᠯᠵᠦ ᠭᠡᠮᠫᠡᠯ ᠭᠡᠰᠡᠨ ᠨᠡᠷ᠎ᠡ ᠠᠪᠤᠪᠠ᠃ 1924 ᠣᠨ ᠤ ᠨᠠᠮᠤᠷ ᠶᠠᠩ ᠡᠾᠸᠦ ᠰᠢᠶᠣᠣ ᠶᠢᠨ ᠳᠡᠭᠡᠷᠡᠮ ᠳᠤ ᠪᠠᠷᠢᠭᠳᠠᠵᠤ ᠰᠠᠷ᠎ᠠ ᠭᠠᠷᠤᠢ ᠠᠯᠪᠠᠳᠠᠭᠳᠠᠨ ᠵᠠᠮᠴᠢ ᠪᠣᠯᠵᠠᠢ᠃ ᠭᠡᠷ ᠲᠡᠭᠡᠨ ᠪᠤᠴᠠᠵᠤ ᠢᠷᠡᠭᠰᠡᠨ ᠤ ᠳᠠᠷᠠᠭ᠎ᠠ ᠬᠤᠰᠢᠭᠤ ᠶᠠᠮᠤᠨ ᠠᠴᠠ ᠲᠡᠭᠦᠨ ᠢ ᠳᠡᠭᠡᠷᠡᠮ ᠲᠠᠢ ᠬᠠᠮᠰᠠᠪᠠ ᠬᠡᠮᠡᠨ ᠠᠯᠠᠬᠤ ᠶᠠᠯ᠎ᠠ ᠪᠠᠷ ᠰᠢᠢᠳᠬᠡᠭᠰᠡᠨ ᠳᠤ ᠬᠠᠷᠢᠶᠠᠨ ᠵᠠᠯᠠᠨ ᠲᠠᠶᠢᠵᠢ ᠳᠣᠷᠵᠢ ᠨᠠᠷ ᠪᠠᠲᠤᠯᠠᠭᠰᠠᠨ ᠢᠶᠠᠷ ᠵᠥᠪᠬᠡᠨ ᠳᠠᠰᠢᠭᠤᠷᠳᠠᠭᠤᠯᠬᠤ ᠶᠠᠯ᠎ᠠ ᠠᠮᠰᠠᠵᠤ ᠦᠬᠦᠬᠦ ᠶᠠᠯ᠎ᠠ ᠠᠴᠠ ᠬᠡᠯᠲᠦᠷᠢᠵᠡᠢ᠃      1931 — 1934 ᠣᠨ ᠤ ᠬᠤᠭᠤᠷᠣᠨᠳᠤ ᠲᠤᠰ ᠬᠤᠰᠢᠭᠤᠨ ᠤ ᠡᠯ᠎ᠡ ᠳᠤᠭᠤᠶᠢᠯᠠᠩ ᠢ ᠥᠭᠡᠷᠡᠴᠢᠯᠡᠨ ᠨᠤᠲᠤᠭ ᠤᠨ ᠯᠢᠶᠠᠠ ᠪᠣᠯᠭᠠᠭᠰᠠᠨ ᠳᠤ ᠲᠦᠮᠡᠨᠵᠢᠷᠭᠠᠯ ᠬᠥᠬᠡᠪᠦᠷ ᠯᠢᠶᠠᠠ ᠤ ᠴᠡᠷᠢᠭ ᠲᠤ ᠣᠷᠣᠵᠤ᠂ 1941 ᠣᠨ ᠳᠤ ᠫᠠᠶᠢᠵᠠᠩ ᠪᠣᠯᠵᠠᠢ᠃ 1943 ᠣᠨ ᠠᠴᠠ ᠪᠠᠷᠠᠭᠤᠨ ᠲᠤᠰᠠᠯᠠᠭᠴᠢ ᠶᠠᠩᠰᠠᠨᠵᠠᠪ ᠤᠨ ᠲᠠᠮᠠᠭ᠎ᠠ ᠪᠤᠯᠢᠶᠠᠬᠤ ᠠᠵᠢᠯᠯᠠᠭ᠎ᠠ ᠶᠢ ᠢᠳᠡᠪᠬᠢᠲᠡᠢ ᠳᠡᠮᠵᠢᠭᠰᠡᠨ ᠠᠴᠠ 1946 ᠣᠨ ᠤ 6 ᠳ᠋ᠤᠭᠠᠷ ᠰᠠᠷ᠎ᠠ ᠳᠤ ᠶᠠᠩᠰᠠᠨᠵᠠᠪ ᠲᠡᠭᠦᠨ ᠢ ᠬᠤᠰᠢᠭᠤ ᠠᠮᠤᠷ ᠢ ᠬᠠᠮᠠᠭᠠᠯᠠᠬᠤ ᠲᠤᠸᠠᠨ ᠤ ᠳᠡᠳ᠋ ᠲᠤᠸᠠᠨᠵᠠᠩ ᠪᠣᠯᠭᠠᠵᠠᠢ᠃ ᠲᠡᠷᠡ ᠲᠤᠸᠠᠨᠵᠠᠩ ᠴᠢ᠊ · ᠮᠥᠩᠬᠡ ᠲᠠᠢ ᠬᠠᠮᠲᠤᠷᠠᠨ ᠨᠠᠷᠢᠨᠨᠠᠭᠤᠷ᠂ ᠬᠠᠮᠠᠷᠠᠭᠲᠠᠢ ᠨᠠᠭᠤᠷ ᠤᠨ ᠬᠤᠵᠢᠷ ᠢ ᠡᠵᠡᠩᠨᠡᠵᠦ ᠪᠠᠶᠢᠵᠠᠢ᠃ 1947 ᠣᠨ ᠤ 8 ᠳ᠋ᠤᠭᠠᠷ ᠰᠠᠷ᠎ᠠ ᠳᠤ ᠴᠢᠭᠤᠯᠭᠠᠨ ᠳᠠᠷᠤᠭ᠎ᠠ ᠶᠢᠨ ᠭᠠᠵᠠᠷ ᠠᠴᠠ ᠵᠢᠶᠦ᠋ᠨ ᠸᠠᠩ ᠬᠤᠰᠢᠭᠤᠨ ᠤ ᠲᠤᠰᠠᠯᠠᠭᠴᠢ ᠪᠦᠷᠢᠨᠪᠠᠶᠠᠷ ᠢ ᠲᠣᠮᠢᠯᠠᠨ ᠣᠲᠤᠭ ᠬᠤᠰᠢᠭᠤᠨ ᠳᠤ ᠢᠷᠡᠭᠦᠯᠵᠦ᠂ ᠶᠠᠩᠰᠠᠨᠵᠠᠪ ᠤᠨ ᠲᠤᠰᠢᠶᠠᠯ ᠢ ᠤᠭᠴᠠᠷᠠᠭᠤᠯᠬᠤ ᠦᠶ᠎ᠡ᠂ ᠴᠢ᠊ · ᠮᠥᠩᠬᠡ ᠲᠦᠮᠡᠨᠵᠢᠷᠭᠠᠯ ᠬᠤᠶᠠᠭᠤᠯᠠ ᠢᠳᠡᠪᠬᠢᠲᠡᠢ ᠠᠵᠢᠯᠯᠠᠭ᠎ᠠ ᠬᠢᠵᠦ᠂ ᠬᠤᠵᠢᠷ ᠤᠨ ᠣᠷᠣᠯᠭ᠎ᠠ ᠠᠴᠠ 500 ᠲᠦᠮᠡᠨ ᠲᠥᠭᠦᠷᠢᠭ ᠪᠠ 400 ᠯᠠᠩ ᠬᠠᠷ᠎ᠠ ᠲᠠᠮᠠᠬᠢ ᠭᠠᠷᠭᠠᠵᠤ᠂ ᠪᠦᠷᠢᠨᠪᠠᠶᠠᠷ ᠲᠤ ᠪᠡᠯᠡᠭ ᠬᠦᠷᠭᠡᠭᠰᠡᠨ ᠢᠶᠠᠷ ᠴᠢ᠊ · ᠮᠥᠩᠬᠡ ᠶᠢ ᠣᠲᠤᠭ ᠬᠤᠰᠢᠭᠤᠨ ᠤ ᠲᠤᠰᠠᠯᠠᠭᠴᠢ ᠪᠥᠭᠡᠳ ᠠᠮᠤᠷ ᠢ ᠬᠠᠮᠠᠭᠠᠯᠠᠬᠤ ᠰᠧᠯᠢᠩ᠂ ᠲᠦᠮᠡᠨᠵᠢᠷᠭᠠᠯ ᠢ ᠳᠡᠳ᠋ ᠰᠧᠯᠢᠩ ᠢᠶᠠᠷ ᠲᠣᠮᠢᠯᠠᠵᠠᠢ᠃ 1948 ᠣᠨ ᠤ 1 ᠳ᠋ᠦ᠋ᠭᠡᠷ ᠰᠠᠷ᠎ᠠ ᠳᠤ ᠰᠦᠢᠶᠤᠸᠠᠨ ᠮᠤᠵᠢ ᠶᠢᠨ ᠵᠠᠰᠠᠭ ᠤᠨ ᠣᠷᠳᠣᠨ ᠠᠴᠠ ᠲᠦᠮᠡᠨᠵᠢᠷᠭᠠᠯ ᠢ ᠣᠲᠤᠭ ᠬᠤᠰᠢᠭᠤᠨ ᠤ ᠠᠮᠤᠷ ᠢ ᠬᠠᠮᠠᠭᠠᠯᠠᠬᠤ ᠴᠡᠷᠢᠭ ᠤᠨ ᠳᠡᠳ᠋ ᠰᠧᠯᠢᠩ ᠢᠶᠠᠷ ᠵᠢᠩᠬᠢᠨᠢ ᠲᠣᠮᠢᠯᠠᠪᠠ᠃      1949 ᠣᠨ ᠤ ᠬᠠᠪᠤᠷ ᠳᠤᠮᠳᠠᠳᠤ ᠤᠯᠤᠰ ᠤᠨ ᠡᠪ ᠬᠠᠮᠲᠤ ᠨᠠᠮ ᠤᠨ ᠶᠡᠭᠡ ᠵᠣᠤ ᠠᠶᠢᠮᠠᠭ ᠤᠨ ᠪᠠᠷᠠᠭᠤᠨᠳᠠᠬᠢ ᠠᠵᠢᠯᠯᠠᠬᠤ ᠬᠤᠷᠢᠶ᠎ᠠ ᠠᠴᠠ ᠰᠡᠷᠡᠩᠸᠠᠩᠵᠢᠯ ᠨᠠᠷ ᠢ ᠲᠣᠮᠢᠯᠠᠨ ᠬᠥᠬᠡᠪᠦᠷ ᠨᠤᠲᠤᠭ ᠤᠨ ᠰᠢᠷᠠᠪᠦ᠋ᠷᠢᠲᠦ ᠳᠤ ᠢᠷᠡᠭᠦᠯᠵᠦ ᠲᠦᠮᠡᠨᠵᠢᠷᠭᠠᠯ ᠲᠠᠢ ᠤᠴᠠᠷᠠᠭᠤᠯᠪᠠ᠃ ᠲᠡᠳᠡ ᠨᠠᠷ ᠠᠨᠳᠠᠯᠠᠵᠤ᠂ ᠲᠦᠮᠡᠨᠵᠢᠷᠭᠠᠯ ᠣᠲᠤᠭ ᠬᠤᠰᠢᠭᠤ ᠶᠢ ᠴᠢᠯᠦᠭᠡᠯᠡᠬᠦ ᠳᠤ ᠬᠦᠴᠦᠨ ᠢᠶᠠᠨ ᠡᠷᠭᠦᠨ᠎ᠡ ᠭᠡᠵᠦ ᠢᠯᠡᠷᠬᠡᠶᠢᠯᠡᠵᠡᠢ᠃ 1949 ᠣᠨ ᠤ 6 ᠳ᠋ᠤᠭᠠᠷ ᠰᠠᠷ᠎ᠠ ᠳᠤ ᠣᠲᠤᠭ ᠬᠤᠰᠢᠭᠤ ᠶᠢ ᠴᠢᠯᠦᠭᠡᠯᠡᠬᠦ ᠡᠮᠦᠨ᠎ᠡ ᠹᠷᠣᠨᠲ ᠤᠨ ᠵᠢᠯᠣᠭᠤᠳᠬᠤ ᠭᠠᠵᠠᠷ ᠦᠮᠡᠬᠡᠶᠢᠨᠠᠭᠤᠷ ᠲᠤ ᠬᠦᠷᠴᠦ ᠢᠷᠡᠭᠡᠳ ᠨᠠᠶᠢᠷᠠᠮᠳᠠᠯ ᠢᠶᠠᠷ ᠴᠢᠯᠦᠭᠡᠯᠡᠬᠦ ᠲᠤᠬᠠᠢ ᠬᠡᠯᠡᠯᠴᠡᠭᠡᠷ ᠬᠢᠬᠦ ᠬᠡᠰᠡᠨ ᠳᠤ ᠲᠦᠮᠡᠨᠵᠢᠷᠭᠠᠯ ᠬᠠᠷᠢᠨ ᠴᠡᠷᠢᠭ ᠠᠩᠭᠢ ᠠᠴᠠ ᠪᠠᠨ ᠰᠠᠯᠵᠤ᠂ ᠠᠷᠪᠠᠰ ᠤᠨ ᠠᠭᠤᠯᠠᠨ ᠳᠤ ᠳᠠᠯᠳᠠᠯᠠᠵᠤ ᠪᠠᠶᠢᠳᠠᠯ ᠢ ᠬᠡᠲᠡᠨ ᠠᠵᠢᠭᠯᠠᠵᠤ ᠪᠠᠶᠢᠵᠠᠢ᠃ ᠡᠮᠦᠨ᠎ᠡ ᠹᠷᠣᠨᠲ ᠤᠨ ᠵᠢᠯᠣᠭᠤᠳᠬᠤ ᠭᠠᠵᠠᠷ ᠬᠡᠳᠦᠨ ᠤᠳᠠᠭ᠎ᠠ ᠬᠦᠮᠦᠨ ᠲᠣᠮᠢᠯᠠᠨ ᠲᠦᠮᠡᠨᠵᠢᠷᠭᠠᠯ ᠲᠠᠢ ᠬᠤᠯᠪᠣᠭ᠎ᠠ ᠠᠪᠬᠤ ᠭᠡᠰᠡᠨ ᠳᠤ ᠴᠥᠮ ᠳ᠋ᠦᠡᠭ ᠭᠠᠷᠤᠭᠰᠠᠨ ᠦᠭᠡᠢ᠃ 8 ᠳ᠋ᠤᠭᠠᠷ ᠰᠠᠷ᠎ᠠ ᠶᠢᠨ 23 ᠤ ᠡᠳᠦᠷ ᠬᠤᠰᠢᠭᠤᠨ ᠤ ᠠᠮᠤᠷ ᠢ ᠬᠠᠮᠠᠭᠠᠯᠠᠬᠤ ᠴᠡᠷᠢᠭ ᠤᠨ ᠵᠡᠭᠦᠨ ᠪᠡᠶ᠎ᠡ ᠶᠢᠨ 3 ᠯᠢᠶᠠᠠ ᠤ ᠴᠡᠷᠢᠭ ᠲᠣᠯᠣᠭᠠᠢ ᠲᠦᠷᠦᠭᠦᠦ ᠦᠭᠡᠢ ᠪᠠᠶᠢᠳᠠᠯ ᠳᠣᠣᠷ᠎ᠠ ᠪᠣᠰᠣᠯᠭ᠎ᠠ ᠭᠠᠷᠭᠠᠨ ᠪᠠᠭᠤᠵᠤ ᠥᠭᠬᠦ ᠪᠠᠷ ᠨᠡᠶᠢᠲᠡᠯᠡᠪᠡ᠃ ᠲᠦᠮᠡᠨᠵᠢᠷᠭᠠᠯ ᠦᠷᠭᠦᠯᠵᠢᠯᠡᠨ ᠮᠤᠵᠢᠭᠤᠳᠠᠯᠠᠵᠤ᠂ ᠤᠤᠯ ᠤᠨ ᠬᠠᠩᠭᠢᠨ ᠬᠤᠰᠢᠭᠤᠨ ᠤ ᠠᠮᠤᠷ ᠢ ᠬᠠᠮᠠᠭᠠᠯᠠᠬᠤ ᠴᠡᠷᠢᠭ ᠤᠨ ᠪᠠᠲᠤᠸ᠋ᠴᠢᠷ ᠶᠢᠩᠵᠠᠩ ᠲᠠᠢ ᠬᠤᠯᠪᠣᠭ᠎ᠠ ᠠᠪᠴᠤ᠂ ᠪᠠᠯᠠᠬᠠᠢ ᠣᠷᠣᠨ ᠳᠤ ᠳᠠᠯᠳᠠᠯᠠᠨ ᠰᠠᠭᠤᠵᠠᠢ᠃ 1950 ᠣᠨ ᠤ 2 ᠳ᠋ᠤᠭᠠᠷ ᠰᠠᠷ᠎ᠠ ᠶᠢᠨ 14 ᠤ ᠡᠳᠦᠷ᠂ ᠲᠡᠷᠡ ᠬᠠᠩᠭᠢᠨ ᠬᠤᠰᠢᠭᠤᠨ ᠤ ᠪᠠᠯᠠᠬᠠᠢ ᠳᠤ ᠳᠤᠮᠳᠠᠳᠤ ᠤᠯᠤᠰ ᠤᠨ ᠠᠷᠠᠳ ᠤᠨ ᠴᠢᠯᠦᠭᠡᠯᠡᠬᠦ ᠴᠡᠷᠢᠭ ᠤᠨ ᠪᠠᠷᠠᠭᠤᠨ ᠬᠤᠶᠢᠲᠤ ᠶᠢᠨ ᠴᠡᠷᠢᠭ ᠤᠨ ᠲᠣᠭᠤᠷᠢᠭ ᠤᠨ 582 ᠲᠤᠸᠠᠨ ᠳᠤ ᠣᠯᠵᠠᠯᠠᠭᠳᠠᠵᠤ ᠢᠷᠭᠠᠢ ᠳᠤ ᠬᠦᠷᠭᠡᠭᠳᠡᠵᠦ 3 ᠳ᠋ᠤᠭᠠᠷ ᠰᠠᠷ᠎ᠠ ᠳᠤ ᠬᠤᠰᠢᠭᠤᠨ ᠳᠠᠭᠠᠨ ᠬᠦᠷᠭᠡᠭᠳᠡᠨ ᠢᠷᠡᠪᠡ᠃ ᠲᠦᠮᠡᠨᠵᠢᠷᠭᠠᠯ ᠬᠤᠰᠢᠭᠤᠨ ᠳᠠᠭᠠᠨ ᠪᠤᠴᠠᠨ ᠢᠷᠡᠬᠦ ᠦᠶ᠎ᠡ ᠳᠤ ᠦᠦᠰᠢᠨ ᠬᠤᠰᠢᠭᠤᠨ ᠤ ᠤᠷᠪᠠᠯᠭᠠᠨ ᠭᠠᠷᠴᠤ᠂ ᠵᠠᠩ ᠲᠢᠩ ᡁᠢ᠂ ᠵᠠᠩ ᠱᠢ ᠬᠤᠸ᠋ᠨ ᠵᠡᠷᠭᠡ ᠱᠠᠨᠪᠸᠢ ᠶᠢᠨ ᠳᠡᠭᠡᠷᠡᠮᠴᠤᠳ ᠲᠤᠰ ᠬᠤᠰᠢᠭᠤᠨ ᠤ ᠦᠮᠡᠬᠡᠶᠢᠨᠠᠭᠤᠷ᠂ ᠪᠠᠶᠠᠨᠨᠠᠭᠤᠷ᠂ ᠵᠣᠰᠣ ᠵᠡᠷᠭᠡ ᠭᠠᠵᠠᠷ ᠢᠶᠠᠷ ᠲᠦᠢᠪᠡᠭᠡᠯᠭᠡ ᠬᠢᠵᠦ ᠪᠠᠶᠢᠵᠠᠢ᠃ ᠤᠤᠯ ᠤᠨ ᠬᠤᠰᠢᠭᠤ ᠠᠮᠤᠷ ᠢ ᠬᠠᠮᠠᠭᠠᠯᠠᠬᠤ ᠴᠡᠷᠢᠭ ᠤᠨ ᠬᠥᠭᠡᠪᠦᠷ᠂ ᠪᠣᠷᠣᠬᠤᠰᠢᠭᠤ᠂ ᠰᠦᠮᠡᠲᠦ ᠶᠢᠨ ᠯᠢᠶᠠᠠ ᠤ ᠲᠡᠷᠰᠯᠡᠭᠦᠦ ᠲᠦᠷᠦᠭᠦᠴᠦᠳ ᠲᠦᠮᠡᠨᠵᠢᠷᠭᠠᠯ ᠤᠨ ᠭᠡᠷ ᠲᠤ ᠨᠢᠭᠤᠴᠠ ᠪᠠᠷ ᠴᠤᠭᠯᠠᠷᠠᠨ ᠬᠤᠤᠪᠢᠯᠳᠤᠵᠤ᠂ ᠲᠡᠭᠦᠨ ᠢ ᠰᠧᠯᠢᠩ ᠢᠶᠠᠷ ᠡᠷᠭᠦᠵᠦ ᠦᠦᠰᠢᠨ ᠬᠤᠰᠢᠭᠤᠨ ᠤ ᠤᠷᠪᠠᠭᠴᠢ ᠴᠡᠷᠢᠭ ᠲᠠᠢ ᠬᠤᠯᠪᠣᠭᠠᠯᠠᠬᠤ ᠪᠠᠷ ᠲᠣᠭᠲᠠᠵᠠᠢ᠃ 3 ᠳ᠋ᠤᠭᠠᠷ ᠰᠠᠷ᠎ᠠ ᠶᠢᠨ 27 ᠤ ᠡᠳᠦᠷ ᠳᠡᠭᠡᠷᠡᠬᠢ ᠭᠤᠷᠪᠠᠨ ᠯᠢᠶᠠᠠ ᠤ ᠳᠠᠷᠤᠭ᠎ᠠ ᠪᠠᠶᠢᠯᠲᠤᠭᠴᠢ ᠴᠥᠮ ᠬᠠᠮᠠᠷᠠᠭᠲᠠᠢ ᠨᠠᠭᠤᠷ ᠳᠡᠭᠡᠷ᠎ᠡ ᠴᠤᠭᠯᠠᠷᠠᠵᠤ᠂ ᠳᠠᠷᠠᠭ᠎ᠠ ᠥᠷᠯᠥᠭᠡ ᠨᠢ 200 ᠭᠠᠷᠤᠢ ᠬᠦᠮᠦᠨ ᠬᠤᠰᠢᠭᠤ ᠶᠠᠮᠤᠨ ᠢ ᠪᠦᠰᠡᠯᠡᠵᠦ᠂ ᠶᠠᠮᠤᠨ ᠳᠡᠭᠡᠷ᠎ᠡ ᠰᠠᠭᠤᠵᠤ ᠪᠠᠶᠢᠭᠰᠠᠨ ᠣᠲᠤᠭ ᠬᠤᠰᠢᠭᠤ ᠶᠢ ᠴᠢᠯᠦᠭᠡᠯᠡᠬᠦ ᠵᠢᠯᠣᠭᠤᠳᠬᠤ ᠭᠠᠵᠠᠷ ᠤᠨ ᠬᠠᠩᠭᠠᠯᠭ᠎ᠠ ᠶᠢᠨ ᠬᠡᠯᠲᠡᠰ ᠤᠨ 8 ᠨᠡᠷ᠎ᠡ ᠠᠵᠢᠯᠲᠠᠨ ᠢ ᠬᠥᠭᠡᠭᠡᠵᠦ ᠶᠠᠪᠤᠭᠤᠯᠤᠭᠠᠳ᠂ ᠬᠠᠩᠭᠠᠯᠭ᠎ᠠ ᠶᠢᠨ ᠬᠡᠯᠲᠡᠰ ᠤᠨ ᠬᠥᠮᠥᠷᠭᠡ ᠶᠢ ᠪᠠᠯᠪᠠᠴᠢᠨ ᠨᠡᠭᠡᠭᠡᠵᠦ᠂ 3 ᠬᠦᠨᠳᠦ ᠫᠦᠯᠧᠮᠶᠤᠲ᠂ 10 ᠭᠠᠷᠤᠢ ᠶᠠᠪᠠᠭᠠᠨ ᠫᠤᠤ ᠪᠤᠯᠢᠶᠠᠨ ᠠᠪᠴᠠᠢ᠃ ᠡᠭᠦᠨ ᠤ ᠬᠠᠮᠲᠤ ᠤᠤᠯ ᠤᠨ ᠬᠤᠰᠢᠭᠤ ᠠᠮᠤᠷ ᠢ ᠬᠠᠮᠠᠭᠠᠯᠠᠬᠤ ᠴᠡᠷᠢᠭ ᠤᠨ ᠪᠤᠯᠠᠭ᠂ ᠴᠠᠪ᠂ ᠴᠠᠭᠠᠨᠲᠤᠯᠤᠭᠠᠢ᠂ ᠵᠢᠷᠠ ᠵᠡᠷᠭᠡ ᠯᠢᠶᠠᠠ ᠳᠤ ᠴᠢᠮᠡᠭᠡ ᠶᠠᠪᠤᠭᠤᠯᠵᠤ᠂ ᠬᠠᠮᠲᠤ ᠪᠠᠷ ᠬᠥᠳᠡᠯᠦᠯᠴᠡᠨ ᠪᠦᠬᠦ ᠬᠤᠰᠢᠭᠤᠨ ᠤ ᠴᠢᠨᠠᠷᠲᠠᠢ ᠤᠷᠪᠠᠯᠭᠠᠨ ᠭᠠᠷᠭᠠᠬᠤ ᠭᠡᠵᠡᠢ᠃ ᠬᠤᠰᠢᠭᠤ ᠨᠠᠮ ᠤᠨ ᠬᠤᠷᠢᠶ᠎ᠠ᠂ ᠵᠠᠰᠠᠭ ᠤᠨ ᠣᠷᠳᠣᠨ ᠲᠡᠷᠡ ᠳᠠᠷᠤᠢ ᠳᠤᠨᠢ ᠠᠵᠢᠯᠲᠠᠨ ᠲᠣᠮᠢᠯᠠᠨ ᠲᠤᠬᠠᠢ ᠶᠢᠨ ᠭᠠᠵᠠᠷ ᠲᠤ ᠬᠦᠷᠴᠦ᠂ ᠮᠡᠬᠡᠯᠡᠭᠳᠡᠭᠰᠡᠨ ᠳᠠᠷᠤᠭ᠎ᠠ ᠪᠠᠶᠢᠯᠲᠤᠭᠴᠢ ᠳᠤ ᠨᠠᠮ ᠤᠨ ᠲᠥᠷᠥ ᠶᠢᠨ ᠪᠣᠳᠣᠯᠭ᠎ᠠ ᠶᠢ ᠤᠬᠠᠭᠤᠯᠵᠤ᠂ ᠲᠡᠳᠡᠨ ᠤ ᠳᠤᠷᠠᠳᠤᠭᠰᠠᠨ ᠠᠰᠠᠭᠤᠳᠠᠯ ᠳᠤ ᠬᠠᠷᠢᠭᠤᠯᠲᠠ ᠬᠢᠵᠦ᠂ ᠴᠡᠷᠢᠭ ᠠᠩᠭᠢ ᠶᠢᠨ ᠡᠪᠡᠰᠦ ᠪᠣᠷᠳᠤᠭ᠎ᠠ ᠵᠡᠷᠭᠡ ᠪᠣᠳᠠᠲᠠᠢ ᠠᠰᠠᠭᠤᠳᠠᠯ ᠢ ᠰᠢᠢᠳᠪᠦᠷᠢᠯᠡᠭᠰᠡᠨ ᠳᠤ ᠮᠡᠬᠡᠯᠡᠭᠳᠡᠭᠰᠡᠨ ᠴᠡᠷᠢᠭ ᠤᠳ ᠳᠣᠣᠷ᠎ᠠ ᠪᠠᠨ ᠤᠬᠠᠭᠠᠷᠠᠵᠤ᠂ ᠲᠦᠮᠡᠨᠵᠢᠷᠭᠠᠯ ᠤᠨ ᠤᠬᠠᠭᠠᠯᠠᠭᠰᠠᠨ ᠨᠢᠭᠡᠳᠦᠭᠡᠷ ᠤᠳᠠᠭ᠎ᠠ ᠶᠢᠨ ᠤᠷᠪᠠᠯᠭᠠᠨ ᠢ ᠨᠠᠶᠢᠷᠠᠮᠳᠠᠯ ᠤᠨ ᠬᠡᠯᠪᠡᠷᠢ ᠪᠠᠷ ᠳᠥᠪᠰᠢᠳᠬᠡᠵᠡᠢ᠃      1950 ᠣᠨ ᠤ 4 ᠳ᠋ᠦ᠋ᠭᠡᠷ ᠰᠠᠷ᠎ᠠ ᠳᠤ ᠲᠦᠮᠡᠨᠵᠢᠷᠭᠠᠯ ᠪᠡᠶ᠎ᠡ ᠪᠠᠷ ᠢᠶᠠᠨ ᠠᠷᠠᠯ ᠤᠨ ᠰᠥᠮ᠎ᠡ ᠳᠤ ᠬᠦᠷᠴᠦ᠂ ᠬᠤᠰᠢᠭᠤ ᠨᠠᠮ ᠤᠨ ᠬᠤᠷᠢᠶᠠᠨ ᠤ ᠤᠳᠤᠷᠢᠳᠤᠯᠭ᠎ᠠ ᠳᠤ ᠵᠣᠯᠭᠠᠵᠤ᠂ ᠵᠡᠭᠦᠨ ᠪᠡᠶ᠎ᠡ ᠶᠢᠨ ᠠᠮᠤᠷ ᠢ ᠬᠠᠮᠠᠭᠠᠯᠠᠬᠤ ᠴᠡᠷᠢᠭ ᠢ ᠴᠡᠭᠴᠡᠯᠡᠨ ᠵᠣᠬᠢᠶᠠᠨ ᠪᠠᠶᠢᠭᠤᠯᠬᠤ ᠪᠣᠯᠪᠠᠤ ᠬᠡᠮᠡᠨ ᠬᠠᠭᠤᠷᠮᠠᠭᠯᠠᠪᠠ᠃ 5 ᠳ᠋ᠤᠭᠠᠷ ᠰᠠᠷ᠎ᠠ ᠳᠤ ᠬᠠᠩᠭᠢᠨ ᠬᠤᠰᠢᠭᠤᠨ ᠤ ᠵᠠᠭᠠᠷᠠᠭ ᠤᠨ ᠰᠥᠮ᠎ᠡ ᠳᠡᠭᠡᠷ᠎ᠡ ᠰᠠᠭᠤᠵᠦ ᠪᠠᠶᠢᠭᠰᠠᠨ ᠤᠮᠠᠷᠠᠲᠤ ᠶᠢᠨ ᠴᠡᠷᠢᠭ ᠤᠨ ᠲᠣᠭᠤᠷᠢᠭ ᠤᠨ ᠮᠣᠷᠢᠲᠤ ᠴᠡᠷᠢᠭ ᠤᠨ ᠲᠠᠪᠤᠳᠤᠭᠠᠷ ᠱᠢ ᠶᠢᠨ ᠠᠷᠪᠠᠨ ᠭᠤᠷᠪᠠᠳᠤᠭᠠᠷ ᠲᠤᠸᠠᠨ ᠤ ᠰᠧᠯᠢᠩᠪᠦ᠋ ᠠᠴᠠ ᠲᠦᠮᠡᠨᠵᠢᠷᠭᠠᠯ ᠢ ᠯᠢᠶᠠᠨ ᠤ ᠱᠠᠲᠤᠨ ᠠᠴᠠ ᠳᠡᠭᠡᠭᠰᠢᠬᠢ ᠴᠡᠷᠢᠭ ᠤᠨ ᠺᠠᠳ᠋ᠷ ᠢᠶᠠᠨ ᠳᠠᠭᠠᠭᠤᠯᠤᠨ ᠵᠠᠭᠠᠷᠠᠭ ᠤᠨ ᠰᠥᠮ᠎ᠡ ᠳᠡᠭᠡᠷ᠎ᠡ ᠨᠡᠷ᠎ᠡ ᠪᠠᠨ ᠮᠡᠳᠡᠭᠦᠯᠦᠨ ᠣᠴᠢᠰᠤᠭᠠᠢ ᠭᠡᠪᠡ᠃ ᠲᠦᠮᠡᠨᠵᠢᠷᠭᠠᠯ ᠡᠪᠡᠳᠴᠢᠨ ᠲᠠᠢ ᠬᠡᠮᠡᠨ ᠰᠢᠯᠲᠠᠭᠯᠠᠭᠠᠳ ᠣᠴᠢᠭᠰᠠᠨ ᠦᠭᠡᠢ᠃ ᠠᠷᠪᠠᠨ ᠭᠤᠷᠪᠠᠳᠤᠭᠠᠷ ᠲᠤᠸᠠᠨ ᠳᠠᠬᠢᠨᠲᠠ ᠳᠠᠭᠤᠳᠠᠭᠰᠠᠨ ᠳᠤ ᠲᠦᠮᠡᠨᠵᠢᠷᠭᠠᠯ ᠠᠷᠭ᠎ᠠ ᠪᠤᠰᠤ ᠨᠢᠭᠡ ᠯᠢᠶᠠᠠ ᠴᠡᠷᠢᠭ ᠢᠶᠠᠨ ᠳᠠᠭᠠᠭᠤᠯᠵᠤ ᠵᠠᠭᠠᠷᠠᠭ ᠲᠤ ᠣᠴᠢᠵᠠᠢ᠃ ᠲᠠᠪᠤᠳᠤᠭᠠᠷ ᠱᠢ ᠶᠢᠨ ᠳᠠᠷᠤᠭ᠎ᠠ ᠨᠠᠷ ᠲᠦᠮᠡᠨᠵᠢᠷᠭᠠᠯ ᠢ ᠨᠢᠭᠤᠵᠤ ᠪᠠᠶᠢᠭ᠎ᠠ ᠦᠦᠰᠢᠨ ᠬᠤᠰᠢᠭᠤᠨ ᠤ ᠤᠷᠪᠠᠯᠭ᠎ᠠ ᠶᠢᠨ ᠲᠦᠷᠦᠭᠦᠦ ᠪᠣᠯᠣᠨ ᠷᠠᠳᠢᠤ᠋ ᠬᠤᠯᠪᠣᠭᠠᠨ ᠤ ᠮᠠᠰᠢᠨ ᠵᠢᠴᠢ ᠬᠠᠩᠭᠠᠯᠭ᠎ᠠ ᠶᠢᠨ ᠬᠡᠯᠲᠡᠰ ᠤᠨ ᠬᠥᠮᠥᠷᠭᠡ ᠠᠴᠠ ᠪᠤᠯᠢᠶᠠᠨ ᠠᠪᠤᠭᠰᠠᠨ ᠫᠤᠤ ᠵᠡᠪᠰᠡᠭ ᠢᠶᠠᠨ ᠲᠤᠰᠢᠶᠠᠬᠤ ᠬᠡᠷᠡᠭᠲᠡᠢ ᠭᠡᠵᠦ ᠵᠠᠷᠯᠢᠭᠳᠠᠵᠠᠢ᠃ ᠬᠦᠨᠳᠦ ᠶᠡᠭᠡ ᠳᠠᠷᠤᠯᠲᠠ ᠶᠢᠨ ᠳᠣᠣᠷ᠎ᠠ ᠲᠦᠮᠡᠨᠵᠢᠷᠭᠠᠯ ᠷᠠᠳᠢᠤ᠋ ᠬᠤᠯᠪᠣᠭᠠᠨ ᠤ ᠮᠠᠰᠢᠨ ᠪᠣᠯᠣᠨ ᠫᠤᠤ ᠵᠡᠪᠰᠡᠭ ᠢ ᠲᠤᠰᠢᠶᠠᠨ ᠥᠭᠴᠡᠢ᠃ ᠬᠤᠰᠢᠭᠤ ᠨᠠᠮ ᠤᠨ ᠬᠤᠷᠢᠶ᠎ᠠ ᠪᠦᠯᠬᠦᠮᠳᠡᠬᠦ᠂ ᠬᠡᠷᠡᠭᠯᠡᠬᠦ᠂ ᠬᠥᠮᠥᠵᠢᠭᠦᠯᠬᠦ᠂ ᠥᠭᠡᠷᠡᠴᠢᠯᠡᠬᠦ ᠲᠥᠷᠥ ᠶᠢᠨ ᠪᠣᠳᠣᠯᠭ᠎ᠠ ᠶᠢ ᠦᠨᠳᠦᠰᠦᠯᠡᠨ᠂ ᠲᠦᠮᠡᠨᠵᠢᠷᠭᠠᠯ ᠢ ᠬᠤᠰᠢᠭᠤ ᠠᠷᠠᠳ ᠤᠨ ᠵᠠᠰᠠᠭ ᠤᠨ ᠣᠷᠳᠣᠨ ᠤ ᠪᠦᠲᠦᠭᠡᠨ ᠪᠠᠶᠢᠭᠤᠯᠤᠯᠲᠠ ᠶᠢᠨ ᠰᠠᠯᠠᠭ᠎ᠠ ᠶᠢᠨ ᠰᠠᠯᠠᠭᠠᠨ ᠳᠠᠷᠤᠭ᠎ᠠ ᠪᠠᠷ ᠲᠣᠮᠢᠯᠠᠭᠰᠠᠨ ᠳᠤ ᠲᠡᠷᠡ ᠲᠤᠰᠢᠶᠠᠯ ᠪᠠᠭᠠᠲᠠᠯ᠎ᠠ ᠬᠡᠮᠡᠨ ᠭᠡᠷ ᠲᠡᠭᠡᠨ ᠡᠪᠡᠳᠴᠢᠨ ᠲᠠᠢ ᠪᠠᠷ ᠣᠪᠯᠠᠨ ᠰᠠᠭᠤᠵᠤ᠂ ᠴᠠᠭ ᠤᠨ ᠪᠠᠶᠢᠳᠠᠯ ᠢ ᠠᠵᠢᠭᠯᠠᠵᠤ ᠤᠷᠪᠠᠯᠭ᠎ᠠ ᠭᠠᠷᠭᠠᠬᠤ ᠪᠠᠷ ᠤᠬᠠᠭᠠᠯᠠᠵᠤ ᠪᠠᠶᠢᠵᠠᠢ᠃      1950 ᠣᠨ ᠤ 6 ᠳ᠋ᠤᠭᠠᠷ ᠰᠠᠷ᠎ᠠ᠂ ᠠᠮᠧᠷᠢᠺᠠ ᠶᠢᠨ ᠡᠵᠡᠷᠬᠡᠭ ᠲᠦᠷᠢᠮᠡᠬᠡᠶᠢᠲᠡᠨ ᠰᠣᠯᠣᠩᠭᠤᠰ ᠢ ᠲᠦᠷᠢᠮᠡᠬᠡᠶᠢᠯᠡᠬᠦ ᠳᠠᠶᠢᠨ ᠳᠡᠭᠳᠡᠭᠡᠭᠰᠡᠨ ᠳᠤ᠂ ᠮᠣᠷᠢᠲᠤ ᠴᠡᠷᠢᠭ ᠤᠨ ᠲᠠᠪᠤᠳᠤᠭᠠᠷ ᠱᠢ ᠶᠢᠨ ᠭᠤᠣᠯ ᠬᠦᠴᠦᠨ ᠢ ᠶᠡᠭᠡ ᠵᠣᠣ ᠠᠶᠢᠮᠠᠭ ᠠᠴᠠ ᠰᠢᠯᠵᠢᠭᠦᠯᠵᠦ᠂ ᠪᠡᠭᠡᠵᠢᠩ — ᠪᠣᠭᠤᠲᠤ ᠶᠢᠨ ᠲᠡᠮᠦᠷ ᠵᠠᠮ ᠤᠨ ᠱᠤᠭᠤᠮ ᠳᠠᠭᠠᠤ ᠪᠠᠶᠢᠷᠢᠯᠠᠭᠤᠯᠪᠠ᠃ ᠲᠦᠮᠡᠨᠵᠢᠷᠭᠠᠯ ᠴᠠᠭ ᠲᠣᠬᠢᠶᠠᠯ ᠪᠣᠯᠣᠯ᠎ᠠ ᠬᠡᠮᠡᠨ ᠦᠵᠡᠭᠡᠳ᠂ ᠦᠦᠰᠢᠨ ᠬᠤᠰᠢᠭᠤ᠂ ᠵᠢᠶᠦ᠋ᠨ ᠸᠠᠩ ᠬᠤᠰᠢᠭᠤᠨ ᠤ ᠤᠤᠯ ᠤᠨ ᠠᠮᠤᠷ ᠢ ᠬᠠᠮᠠᠭᠠᠯᠠᠬᠤ ᠠᠩᠭᠢ ᠶᠢᠨ ᠲᠡᠷᠰᠯᠡᠭᠦᠦ ᠲᠦᠷᠦᠭᠦᠴᠦᠳ ᠪᠣᠯᠣᠨ ᠲᠣᠭᠤᠷᠢᠮ ᠤᠨ ᠥᠪᠡᠷ ᠢ ᠪᠠᠨ ᠬᠠᠮᠠᠭᠠᠯᠠᠬᠤ ᠴᠡᠷᠢᠭ ᠤᠨ ᠲᠦᠷᠦᠭᠦᠴᠦᠳ ᠲᠠᠢ ᠨᠢᠭᠤᠴᠠ ᠪᠠᠷ ᠬᠤᠯᠪᠣᠭ᠎ᠠ ᠠᠪᠴᠦ ᠤᠷᠪᠠᠪᠠ᠃ 1951 ᠣᠨ ᠤ 2 ᠳ᠋ᠤᠭᠠᠷ ᠰᠠᠷ᠎ᠠ ᠶᠢᠨ 4 ᠤ ᠡᠳᠦᠷ᠂ ᠲᠦᠮᠡᠨᠵᠢᠷᠭᠠᠯ ᠤᠤᠯ ᠤᠨ ᠬᠥᠬᠡᠪᠦᠷ ᠯᠢᠶᠠᠠ ᠤ ᠲᠡᠷᠰᠯᠡᠭᠦᠦ ᠲᠦᠷᠦᠭᠦᠦ ᠤᠷᠲᠤᠨᠠᠰᠤᠨ᠂ ᠦᠦᠰᠢᠨ ᠬᠤᠰᠢᠭᠤᠨ ᠤ ᠤᠷᠪᠠᠭᠴᠢ ᠶᠢᠨ ᠲᠦᠷᠦᠭᠦᠦ ᠲᠦᠪᠰᠢᠨᠵᠢᠷᠭᠠᠯ᠂ ᠪᠠᠭ᠎ᠠ ᠪᠠᠭᠠᠲᠤᠷ ᠵᠢᠴᠢ ᠲᠣᠭᠤᠷᠢᠮ ᠤᠨ ᠥᠪᠡᠷ ᠢ ᠪᠠᠨ ᠬᠠᠮᠠᠭᠠᠯᠠᠬᠤ ᠴᠡᠷᠢᠭ ᠤᠨ ᠲᠤᠸᠠᠨᠵᠠᠩ ᠸᠠᠩ ᠸᠧᠨ ᠺᠦᠢ ᠲᠠᠢ ᠨᠡᠶᠢᠯᠡᠵᠦ ᠬᠤᠶᠠᠳᠤᠭᠠᠷ ᠤᠳᠠᠭ᠎ᠠ ᠶᠢᠨ ᠤᠷᠪᠠᠯᠭᠠᠨ ᠭᠠᠷᠭᠠᠵᠠᠢ᠃ ᠲᠡᠳᠡ ᠤᠤᠯ ᠤᠨ ᠴᠡᠷᠢᠭ ᠠᠩᠭᠢ ᠶᠢᠨ ᠳᠣᠲᠣᠷᠠᠬᠢ ᠦᠨᠡᠨ ᠪᠠᠶᠢᠳᠠᠯ ᠢ ᠮᠡᠳᠡᠬᠦ ᠦᠭᠡᠢ 100 ᠭᠠᠷᠤᠢ ᠨᠡᠷ᠎ᠡ ᠴᠡᠷᠢᠭ ᠢ ᠴᠤᠭᠯᠠᠭᠤᠯᠤᠨ ᠠᠪᠴᠦ᠂ ᠰᠢᠨ᠎ᠡ ᠵᠣᠤ᠂ ᠬᠦᠨᠴᠢᠷᠭ᠎ᠠ ᠵᠡᠷᠭᠡ ᠭᠠᠵᠠᠷ ᠢᠶᠠᠷ ᠬᠤᠯᠬᠢᠳᠠᠵᠤ᠂ ᠬᠦᠨᠴᠢᠷᠭ᠎ᠠ ᠨᠤᠲᠤᠭ ᠤᠨ ᠠᠯᠪᠠᠨ ᠭᠠᠵᠠᠷ ᠢ ᠭᠡᠨᠡᠳᠡᠭᠦᠯᠦᠨ ᠳᠠᠭᠠᠷᠢᠵᠤ᠂ 4 ᠨᠡᠷ᠎ᠡ ᠺᠠᠳ᠋ᠷ ᠢ ᠬᠤᠣᠷᠯᠠᠵᠠᠢ᠃ 2 ᠳ᠋ᠤᠭᠠᠷ ᠰᠠᠷ᠎ᠠ ᠶᠢᠨ 18 ᠤ ᠡᠳᠦᠷ᠂ ᠮᠣᠷᠢᠲᠤ ᠴᠡᠷᠢᠭ ᠤᠨ ᠲᠠᠪᠤᠳᠤᠭᠠᠷ ᠱᠢ ᠶᠢᠨ ᠠᠷᠪᠠᠨ ᠭᠤᠷᠪᠠᠳᠤᠭᠠᠷ ᠲᠤᠸᠠᠨ ᠤ ᠳᠡᠭᠡᠷᠡᠮ ᠢ ᠤᠰᠠᠳᠬᠠᠬᠤ ᠪᠠᠷᠠᠭᠤᠨ ᠱᠤᠭᠤᠮ ᠤᠨ ᠴᠡᠷᠢᠭ ᠠᠩᠭᠢ ᠭᠦᠨᠴᠢᠷᠭ᠎ᠠ ᠨᠤᠲᠤᠭ ᠤᠨ ᠣᠯᠠᠨ ᠨᠣᠬᠠᠢ ᠶᠢᠨ ᠴᠢᠷᠭ᠎ᠠ ᠲᠣᠰᠬᠤᠨ ᠳᠤ ᠤᠷᠪᠠᠭᠰᠠᠨ ᠳᠡᠭᠡᠷᠡᠮ ᠢ ᠪᠦᠰᠡᠯᠡᠨ ᠠᠪᠴᠦ᠂ 20 ᠭᠠᠷᠤᠢ ᠳᠡᠭᠡᠷᠡᠮ ᠢ ᠠᠯᠠᠵᠤ᠂ ᠣᠯᠠᠩᠬᠢ ᠤᠷᠪᠠᠭᠰᠠᠨ ᠳᠡᠭᠡᠷᠡᠮ ᠴᠣᠬᠢᠭᠳᠠᠨ ᠪᠤᠲᠠᠷᠠᠪᠠ᠃ ᠲᠦᠮᠡᠨᠵᠢᠷᠭᠠᠯ ᠪᠢᠴᠢᠭᠡᠴᠢ ᠪᠣᠯᠣᠨ ᠬᠠᠮᠠᠭᠠᠯᠠᠭᠴᠢ ᠲᠠᠢ ᠪᠠᠨ ᠳᠤᠲᠠᠭᠠᠨ ᠭᠠᠷᠴᠤ᠂ ᠬᠠᠲᠤᠨ ᠭᠤᠣᠯ ᠢ ᠬᠡᠲᠤᠯᠤᠨ ᠠᠯᠠᠱᠠᠨ ᠤ ᠵᠠᠳᠠᠮᠪᠠ ᠶᠢᠨ ᠰᠦᠮ᠎ᠡ ᠳᠤ ᠯᠠᠮᠠ ᠪᠠᠷ ᠣᠪᠯᠠᠵᠤ ᠳᠠᠯᠳᠠᠯᠠᠨ ᠬᠤᠷᠭᠤᠳᠠᠪᠠ᠃ 1951 ᠣᠨ ᠤ 4 ᠳ᠋ᠦ᠋ᠭᠡᠷ ᠰᠠᠷ᠎ᠠ ᠳᠤ ᠳᠡᠭᠡᠷᠡᠮ ᠢ ᠨᠡᠬᠡᠮᠵᠢᠯᠡᠨ ᠤᠰᠠᠳᠬᠠᠬᠤ ᠴᠡᠷᠢᠭ ᠠᠩᠭᠢ ᠵᠠᠳᠠᠮᠪᠠ ᠶᠢᠨ ᠰᠦᠮ᠎ᠡ ᠶᠢ ᠪᠦᠰᠡᠯᠡᠨ ᠠᠪᠤᠭᠰᠠᠨ ᠳᠤ ᠲᠦᠮᠡᠨᠵᠢᠷᠭᠠᠯ ᠮᠤᠵᠢᠭᠤᠳᠠᠯᠠᠨ ᠡᠰᠡᠷᠭᠦᠴᠡᠵᠦ ᠠᠯᠠᠭᠳᠠᠪᠠ᠃            ︽ᠣᠲᠤᠭ ᠬᠤᠰᠢᠭᠤᠨ ᠤ ᠣᠶᠢᠯᠠᠯᠭ᠎ᠠ︾ ︽ᠣᠲᠤᠭ ᠬᠤᠰᠢᠭᠤᠨ ᠤ ᠣᠶᠢᠯᠠᠯᠭ᠎ᠠ︾ ᠨᠠᠶᠢᠷᠠᠭᠤᠯᠬᠤ ᠺᠣᠮᠢᠰ ᠨᠠᠶᠢᠷᠠᠭᠤᠯᠪᠠ
ᠢᠷᠡᠯᠲᠡ᠄ ᠣᠲᠤᠭ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ