ᠭᠡᠤᠭᠡᠳ ᠳᠦᠷᠦᠵᠦ ᠦᠰᠭᠡᠬᠦ ᠨᠢ ᠦᠶ᠎ᠠ ᠣᠭᠰᠠᠭ᠎ᠠ ᠪᠠᠨ ᠵᠠᠯᠭᠠᠮᠵᠢᠯᠠᠵᠣ ᠦᠨᠳᠣᠰᠣ ᠰᠣᠶᠣᠯ ᠢᠶᠠᠨ ᠪᠠᠳᠠᠷᠠᠭᠤᠯᠬᠤ ᠶᠢᠨ ᠲᠦᠯᠦᠭᠡ᠂ ᠮᠦᠨᠴᠣ ᠦᠳᠡᠯᠬᠦ ᠶᠢᠨ | ᠦᠵᠦᠭᠦᠷ ᠲᠤ ᠦᠮᠦᠭ ᠳᠦᠰᠢᠭ ᠲᠠᠢ ᠪᠣᠯᠬᠤ ᠶᠢᠨ ᠲᠦᠯᠦᠭᠡ᠃ ᠢᠩᠬᠢᠵᠣ ᠬᠡᠯᠡᠬᠦ ᠳᠤ ᠠᠴᠢᠯᠠᠯ ᠡᠯᠪᠡᠷᠢᠯ ᠲᠠᠢ ᠦᠷ᠎ᠠ ᠬᠡᠣᠬᠡᠳ ᠬᠦᠮᠦᠵᠢᠬᠦᠯᠬᠦ ᠨᠢ ᠵᠠᠩᠬᠢᠯᠠᠭ᠎ᠠ | ᠪᠣᠯᠣᠨ᠎ᠠ᠃ ᠤᠶᠢᠢᠷ᠎ᠠ ᠳᠤ ᠬᠦᠬᠡᠬᠤᠳᠠ ᠤᠷᠤᠨ ᠳᠤ ︽ᠠᠴᠢᠯᠠᠯ ᠡᠯᠪᠡᠷᠢᠯ ᠲᠠᠢ ᠤᠳᠤᠨ︾ ᠢ ᠰᠢᠯᠭᠠᠷᠠᠭᠤᠯᠬᠤ ᠳᠤᠬᠠᠢ ᠵᠤᠭᠤᠭ ᠳᠠᠮᠵᠢᠭᠳᠠᠵᠤ ᠨᠠᠰᠤᠳᠠᠨ ᠢᠶᠠᠨ | ᠠᠰᠠᠷᠠᠵᠤ ᠬᠠᠷᠠᠭᠠᠯᠵᠠᠬᠤ ᠲᠠᠯ᠎ᠠ ᠪᠠᠷ ᠳᠤᠪᠤᠶᠢᠮ᠎ᠠ ᠨᠦᠯᠦᠬᠡ ᠲᠣᠰᠬᠠᠯ ᠭᠠᠷᠭᠠᠭᠰᠠᠨ ᠵᠠᠯᠠᠭᠤᠰ ᠢ ᠬᠦᠬᠢᠬᠦᠯᠦᠨ ᠱᠠᠩᠨᠠᠬᠤ ᠶᠤᠮ ᠭᠡᠨ᠎ᠠ᠃ ᠡᠨᠡ ᠨᠢ ᠲᠦᠮᠡᠨ ᠵᠦᠪ᠂ | ᠦᠷ᠎ᠠ ᠬᠡᠣᠬᠡᠳ ᠪᠣᠯᠣᠭᠰᠠᠳ ᠠᠪᠤ ᠡᠵᠢ ᠠᠬᠠᠰ ᠵᠠᠬᠠᠰ ᠢᠶᠠᠨ ᠠᠴᠢᠯᠠᠵᠣ ᠡᠯᠪᠡᠷᠢᠬᠦ ᠨᠢ ᠦᠪᠡᠷ ᠤᠨ ᠬᠢᠨᠢ ᠬᠦᠢᠴᠡᠳᠭᠡᠪᠡᠰᠣ ᠵᠣᠬᠢᠬᠤ ᠡᠭᠦᠷᠭᠡ ᠬᠠᠷᠢᠭᠤᠴᠠᠯᠭ᠎ᠠ ᠪᠣᠶᠣ | ᠃ ᠬᠡᠬᠦ ᠳᠤ ᠣᠳᠣᠬᠠᠨ ᠤ ᠬᠡᠣᠬᠡᠳ ᠣᠨᠴᠠᠭᠠᠶᠢᠢᠯᠠᠨ ᠭᠠᠭᠴᠠ ᠬᠡᠣᠬᠡᠳ ᠲᠠᠩᠴᠢ ᠡᠷᠭᠡ ᠲᠠᠩᠬᠢ ᠦᠰᠴᠣ ᠪᠠᠶᠢᠭ᠎ᠠ ᠪᠣᠯᠬᠤᠷ ᠠᠩᠭᠠᠶᠢᠢᠵᠣ ᠢᠳᠡᠭᠡᠳ ᠲᠠᠩᠭᠠᠶᠢᠢᠵᠣ | ᠬᠡᠪᠳᠡᠭᠡᠳ ᠠᠪᠤ ᠡᠵᠢ ᠠᠬᠠᠰ ᠵᠠᠬᠠᠰ ᠢᠶᠠᠨ ᠠᠴᠢᠯᠠᠵᠣ ᠡᠯᠪᠡᠷᠢᠬᠦ ᠶᠢ ᠣᠮᠳᠣᠭᠠᠶᠢᠢᠯᠠᠵᠣ ᠨᠢ ᠵᠦᠩᠳᠡᠭᠡᠨ᠃ ᠡᠶᠢᠮᠣ ᠠᠴᠠ ᠭᠡᠷ ᠤᠨ ᠠᠬᠠᠮᠠᠳ ᠪᠣᠯᠣᠭᠰᠠᠳ ᠦᠷ᠎ᠠ | ᠬᠡᠣᠬᠡᠳ ᠢᠶᠠᠨ ᠠᠴᠢᠯᠠᠯ ᠡᠯᠪᠡᠷᠢᠯ ᠲᠠᠢ ᠰᠤᠷᠭᠠᠨ ᠬᠦᠮᠦᠵᠢᠬᠦᠯᠬᠦ ᠨᠢ ᠮᠠᠰᠢ ᠴᠢᠬᠤᠯᠠ ᠶᠤᠮ᠃ ᠡᠭᠦᠨ ᠳᠤ ᠠᠪᠤ ᠡᠵᠢ ᠪᠤᠯᠤᠭᠰᠠᠳ ᠦᠪᠡᠷ ᠤᠨ ᠪᠡᠶ᠎ᠠ ᠪᠠᠷ ᠢᠶᠠᠨ ᠭᠡᠪ | ᠳᠠᠭᠤᠷᠢᠶᠠᠯ ᠪᠤᠯᠬᠤ ᠨᠢ ᠨᠡᠩ ᠴᠢᠬᠤᠯᠠ᠃ ᠵᠦᠪᠬᠡᠨ ᠭᠡᠤᠭᠡᠳ ᠤᠨ ᠢᠶᠠᠨ ᠠᠴᠢᠯᠠᠯ ᠡᠯᠪᠡᠷᠢᠯ ᠲᠠᠢ ᠪᠣᠯᠬᠤ ᠶᠢ ᠱᠠᠭᠠᠷᠳᠠᠭᠠᠳ᠂ ᠦᠪᠡᠷ ᠢᠶᠠᠨ ᠬᠠᠷᠢᠨ ᠦᠳᠡᠯᠦᠬᠡ | ᠨᠠᠰᠦᠳᠠᠶᠢᠴᠤᠳ ᠢᠶᠠᠨ ᠬᠠᠷᠠᠵᠤ ᠬᠠᠷᠠᠭᠠᠯᠵᠠᠬᠤ ᠦᠬᠡᠢ᠂ ᠵᠤᠪᠠᠭᠠᠵᠤ ᠭᠤᠮᠤᠳᠠᠭᠠᠭᠠᠳ ᠬᠡᠯᠡᠭᠰᠡᠨ ᠪᠠ ᠬᠢᠭᠰᠡᠨ ᠵᠦᠷᠢᠴᠡᠯ ᠲᠠᠢ ᠪᠤᠯᠵᠤ ᠭᠡᠤᠭᠡᠳ ᠲᠡᠭᠡᠨ ᠮᠠᠭᠤ | ᠨᠦᠯᠦᠬᠡ ᠦᠭᠴᠤ ᠪᠤᠯᠬᠤ ᠦᠬᠡᠢ᠃ ᠡᠷᠡᠬᠦᠯ ᠰᠠᠷᠠᠭᠤᠯ ᠵᠠᠩ ᠠᠷᠠᠨᠰᠢᠨ ᠪᠠ ᠠᠴᠢᠯᠠᠯ ᠡᠯᠪᠡᠷᠢᠯ ᠲᠠᠢ ᠭᠡᠤᠭᠡᠳ ᠬᠦᠮᠦᠵᠢᠬᠦᠯᠬᠦ ᠳᠤ ᠭᠡᠷ ᠪᠦᠯᠢ ᠶᠢᠨ ᠰᠠᠶᠢᠨ | ᠰᠠᠶᠢᠬᠠᠨ ᠪᠦᠭᠡᠳ ᠢᠳᠡᠪᠬᠢ ᠤᠷᠴᠢᠨ ᠠᠬᠤᠢ ᠶᠢ ᠱᠠᠭᠠᠷᠳᠠᠨ᠎ᠠ᠂ ᠠᠪᠤ ᠡᠵᠢ ᠪᠤᠯᠤᠭᠰᠠᠳ ᠤᠨ ᠠᠵᠢᠯ ᠠᠮᠢᠳᠤᠷᠠᠯ ᠳᠠᠭᠠᠨ ᠵᠦᠪ ᠤᠪᠤᠷ ᠲᠠᠢ ᠪᠠᠶᠢᠬᠤ ᠶᠢ | ᠱᠠᠭᠠᠷᠳᠠᠨ᠎ᠠ᠃ ᠠᠴᠢᠯᠠᠯ ᠡᠯᠪᠡᠷᠢᠯ ᠲᠠᠢ ᠪᠠᠶᠢᠬᠤ ᠭᠡᠳᠡᠭ ᠪᠤᠯ ᠠᠮᠠᠨ ᠳᠡᠭᠡᠷ᠎ᠠ ᠪᠠᠨ ᠭᠡᠯᠡᠳᠡᠭ ᠯᠡ ᠳᠡᠶᠢᠮᠦ ᠠᠮᠠᠷᠬᠠᠨ ᠤᠴᠢᠷ ᠪᠢᠰᠢ ᠬᠤᠶᠢᠨ᠎ᠠ᠂ ᠭᠡᠷ ᠤᠨ ᠠᠬᠠᠮᠠᠳ | ᠦᠪᠡᠷ ᠢ ᠨᠢ ᠲᠦᠷᠦᠭᠦᠯᠡᠨ ᠦᠰᠬᠡᠭᠰᠡᠡ ᠠᠪᠤ ᠡᠵᠢ ᠪᠠᠨ ᠠᠴᠢᠯᠠᠨ ᠡᠯᠪᠡᠷᠢᠵᠣ ᠡᠳᠦᠷ ᠳᠤᠳᠤᠮ ᠤᠨ ᠤᠯᠠᠨ ᠭᠤᠭᠴᠤᠭ᠎ᠠ ᠳᠤ ᠠᠯᠳᠠᠯ ᠦᠭᠡᠢ ᠬᠢᠴᠢᠶᠡᠵᠣ ᠪᠠᠶᠢᠪᠠᠯ | ᠭᠡᠤᠭᠡᠳ ᠴᠢᠨᠢ ᠠᠶᠠᠨᠳᠠᠭᠠᠨ ᠠᠴᠢᠯᠠᠯ ᠡᠯᠪᠡᠷᠢᠯ ᠲᠠᠢ ᠪᠣᠯᠵᠣ ᠬᠦᠮᠦᠵᠢᠭᠳᠡᠬᠦ ᠶᠣᠮ᠃ ᠡᠶᠢᠮᠦ ᠠᠴᠠ ᠠᠴᠢᠯᠠᠯ ᠡᠯᠪᠡᠷᠢᠯ ᠲᠠᠢ ᠬᠡᠤᠬᠡᠳ ᠢ ᠬᠦᠮᠦᠵᠢᠬᠦᠯᠬᠦ ᠳᠤ ᠠᠪᠤ ᠡᠵᠢ | ᠪᠤᠯᠤᠬᠰᠠᠳ ᠦᠪᠡᠷ ᠤᠨ ᠪᠠᠶ᠎ᠠ ᠪᠠᠷ ᠭᠡᠪ ᠲᠠᠭᠤᠷᠢᠶᠠᠯ ᠪᠤᠯᠬᠤ ᠶᠢ ᠠᠩᠬᠠᠷᠬᠤ ᠭᠡᠷᠡᠭᠳᠡᠢ᠃ | | |