ᠤᠷᠳᠤᠰ ᠮᠤᠩᠭᠤᠯᠴᠤᠳ ᠴᠠᠭᠠᠨ ᠢᠳᠡᠭᠡᠨ ᠢᠶᠠᠨ ᠲᠠᠪᠤᠨ ᠬᠤᠰᠢᠭᠤ ᠮᠠᠯ ᠠᠴᠠ ᠤᠨᠳᠤᠷᠤᠨ ᠭᠠᠷᠤᠭᠰᠠᠨ ︽ᠠᠷᠢᠭᠤᠨ ᠴᠠᠭᠠᠨ ᠪᠤᠶᠠᠨ ᠤ ᠠᠮᠲᠠᠲᠤ | ᠡᠷᠳᠡᠨᠢ ᠶᠢᠨ ᠬᠦᠷᠦᠩᠭᠡ︾ ᠭᠡᠵᠦ ᠠᠯᠢᠪᠠ ᠢᠳᠡᠭᠡᠨ ᠤ ᠳᠡᠭᠡᠳᠦ ᠶᠢᠨ ᠳᠡᠭᠡᠳᠦ ᠢᠳᠡᠭᠡᠨ ᠢᠶᠠᠷ ᠬᠦᠨᠳᠦᠳᠬᠡᠳᠡᠭ᠃ | ᠡᠶᠢᠮᠦ ᠠᠴᠠ ᠭᠡᠷ ᠡᠷᠦᠬᠡ ᠳᠤ ᠭᠡᠶᠢᠴᠢᠨ ᠵᠤᠴᠢᠨ ᠢᠷᠡᠬᠦ ᠳᠤ ︽ᠴᠠᠶᠢᠯᠭᠠᠨ ᠰᠡᠳᠬᠢᠯ ᠴᠠᠭᠠᠨ ᠪᠤᠶᠠᠨ ᠤ ᠳᠡᠭᠡᠵᠢ︾ ᠭᠡᠵᠦ᠂ ᠬᠠᠮᠤᠭ ᠤᠷᠢᠳ ᠴᠠᠭᠠᠨ | ᠢᠳᠡᠭᠡᠨ ᠢᠶᠠᠨ ᠡᠷᠭᠦᠨ ᠪᠠᠷᠢᠵᠤ ᠠᠮᠰᠠᠭᠤᠯᠳᠠᠭ᠃ ᠨᠠᠶᠢᠷ ᠬᠤᠷᠢᠮ ᠪᠠᠶᠠᠷ ᠴᠡᠩᠭᠡᠯ ᠪᠤᠯᠬᠤ ᠳᠤ ︽ᠰᠦ ᠰᠢᠭ ᠴᠠᠭᠠᠨ ᠰᠡᠳᠬᠢᠯ ᠲᠠᠢ᠂ ᠰᠤᠮᠤ ᠰᠢᠭ᠋ ᠰᠢᠯᠤᠭᠤᠨ ᠵᠠᠩ | ᠲᠠᠢ ᠪᠤᠯᠳᠤᠭᠠᠢ︾ ᠭᠡᠵᠦ ᠰᠢᠨ᠎ᠡ ᠪᠡᠷᠢ ᠬᠦᠷᠭᠡᠨ ᠳᠤ ᠪᠠᠨ ᠴᠠᠭᠠᠨ ᠢᠳᠡᠭᠡᠨ ᠠᠮᠰᠠᠭᠤᠯᠤᠨ ᠮᠢᠯᠢᠶᠠᠳᠠᠭ᠃ ᠪᠢᠴᠢᠬᠠᠨ ᠬᠡᠥᠭᠡᠳ ᠢᠷᠡᠬᠦ ᠳᠤ ︽ᠲᠤᠰᠤᠨ ᠳᠡᠭᠡᠷ᠎ᠡ | ᠲᠤᠭᠯᠠᠵᠤ᠂ ᠲᠤᠷᠭᠠᠨ ᠳᠡᠭᠡᠷ᠎ᠡ ᠦᠩᠭᠦᠷᠢᠭᠡᠷᠡᠢ︾ ᠭᠡᠵᠦ ᠠᠮᠠᠨ ᠳᠤ ᠨᠢ ᠴᠠᠭᠠᠨ ᠢᠳᠡᠭᠡᠨ ᠠᠮᠰᠠᠭᠤᠯᠤᠨ ᠵᠤᠯᠠᠢ ᠶᠢ ᠨᠢ ᠰᠢᠷ᠎ᠠ ᠲᠤᠰᠤ ᠪᠠᠷ ᠮᠢᠯᠢᠶᠠᠳᠠᠭ᠃ | ᠠᠶᠠᠨ ᠳᠤ ᠮᠤᠷᠳᠠᠵᠤ᠂ ᠠᠪᠠ ᠳᠤ ᠶᠠᠪᠤᠬᠤ ᠬᠦᠮᠦᠨ ᠢ ︽ᠴᠠᠭᠠᠨ ᠢᠶᠠᠷ ᠨᠢ ᠶᠠᠪᠤᠭᠠᠳ ᠰᠢᠯᠤᠭᠤᠨ ᠢᠶᠠᠷ ᠨᠢ ᠪᠤᠴᠠᠲᠤᠭᠠᠢ︕︾ ᠭᠡᠵᠦ ᠴᠠᠭᠠᠨ ᠢᠳᠡᠭᠡᠨ | ᠠᠮᠰᠠᠭᠤᠯᠤᠨ ᠮᠤᠷᠳᠠᠭᠤᠯᠤᠭᠠᠳ ᠴᠠᠭᠠᠨ ᠢᠳᠡᠭᠡᠨ ᠢᠶᠠᠷ ᠤᠭᠲᠤᠳᠠᠭ᠃ ᠰᠢᠨ᠎ᠡ ᠡᠷᠦᠬᠡ ᠭᠡᠷ ᠤᠨ ᠡᠭᠦᠳᠡ ᠬᠠᠭᠠᠯᠭ᠎ᠠ᠂ ᠰᠢᠨ᠎ᠡ ᠬᠤᠪᠴᠠᠰᠤᠨ ᠵᠠᠭᠠᠮ᠎ᠠ ᠵᠠᠬ᠎ᠠ ᠶᠢ ︽ | ᠲᠤᠭᠤᠰᠤᠨ ᠳᠤ ᠪᠤᠤ ᠬᠦᠷ ᠲᠤᠰᠤᠨ ᠳᠤ ᠬᠦᠷ︕︾ ᠭᠡᠵᠦ ᠴᠠᠭᠠᠨ ᠢᠳᠡᠭᠡᠨ ᠢᠶᠠᠷ ᠮᠢᠯᠢᠶᠠᠳᠠᠭ ᠪᠦᠭᠡᠳ ᠪᠠᠰᠠ ᠴᠢᠩᠬᠢᠰ ᠤᠨ ᠤᠩᠭᠤᠨ ᠤ ᠲᠠᠶᠢᠯᠭ᠎ᠠ᠂ ᠤᠪᠤᠭ᠎ᠠ | ᠤᠩᠭᠤᠳ ᠤᠨ ᠳᠠᠬᠢᠯᠭ᠎ᠠ᠂ ᠵᠤᠯᠠᠭ ᠵᠤᠰᠠᠯᠠᠩ ᠤᠨ ᠨᠠᠶᠢᠷ ᠨᠠᠭᠠᠳᠤᠮ ᠳᠤ ᠰᠢᠨᠡᠬᠡᠨ ᠰᠠᠭᠠᠭᠰᠠᠨ ᠰᠦ ᠪᠠᠨ ᠮᠦᠩᠭᠦᠨ ᠠᠶᠠᠭᠠᠨ ᠳᠤ ᠬᠢᠵᠦ ᠮᠦᠩᠭᠡ ᠲᠡᠭᠷᠢ ᠳᠤ | ᠦᠩᠭᠡᠳᠦ ᠲᠤᠷᠭᠠᠨ ᠬᠠᠳᠠᠭ ᠢᠶᠠᠨ ᠳᠡᠯᠭᠡᠨ᠂ ᠢᠷᠦᠭᠡᠯ ᠮᠠᠭᠳᠠᠭᠠᠯ ᠢᠶᠠᠨ ᠤᠩᠰᠢᠵᠤ ᠰᠠᠴᠤᠯᠢ ᠪᠤᠯᠭᠠᠨ ᠡᠷᠭᠦᠳᠡᠭ᠃ |