ᠪᠠᠯ ᠲᠠᠢ ᠤᠰᠤ ᠶᠢ ᠡᠳᠦᠷ ᠪᠦᠷᠢ ᠤᠤᠭᠤᠪᠠᠯ ᠰᠠᠶᠢᠨ ᠦᠦ︖
ᠨᠡᠶᠢᠲᠡᠯᠡᠭᠰᠡᠨ ᠴᠠᠭ᠄
2024/2/5
      ᠪᠠᠯ ᠲᠠᠢ ᠤᠰᠤ ᠰᠠᠶᠢᠨ ᠪᠣᠯᠪᠠᠴᠤ ᠬᠡᠲᠦᠷᠡᠲᠡᠯ᠎ᠡ ᠤᠤᠭᠤᠵᠤ ᠪᠣᠯᠬᠤ ᠦᠭᠡᠢ᠃ ᠴᠢᠰᠤᠨ ᠤ ᠰᠢᠬᠢᠷ ᠥᠨᠳᠥᠷ ᠪᠤᠶᠤ ᠰᠢᠬᠢᠷ ᠰᠢᠵᠢᠩ ᠡᠪᠡᠳᠴᠢᠨ ᠲᠠᠢ ᠬᠦᠮᠦᠰ ᠲᠤ ᠠᠪᠴᠤ ᠬᠡᠯᠡᠪᠡᠯ᠂ ᠪᠠᠯ ᠳᠣᠲᠣᠷᠠᠬᠢ ᠰᠢᠬᠢᠷ ᠨᠡᠩ ᠠᠮᠠᠷᠬᠠᠨ ᠬᠥᠮᠥᠨ ᠤ ᠪᠡᠶ᠎ᠡ ᠳᠤ ᠰᠢᠩᠬᠡᠵᠦ᠂ ᠴᠢᠰᠤᠨ ᠤ ᠰᠢᠬᠢᠷ ᠢ ᠳᠡᠭᠡᠭᠰᠢᠯᠡᠬᠦᠯᠳᠡᠭ᠃ ᠵᠥᠭᠡᠢ ᠶᠢᠨ ᠪᠠᠯ ᠲᠠᠢ ᠤᠰᠤ ᠬᠡᠳᠦ ᠥᠳᠬᠡᠨ ᠪᠤᠶᠤ ᠬᠡᠳᠦ ᠠᠷᠪᠢᠨ ᠤᠤᠭᠤᠪᠠᠯ ᠨᠦᠢᠷ ᠤᠨ ᠡᠳ᠋ ᠤᠨ ᠰᠢᠭᠦᠷᠡᠯᠲᠡ ᠶᠢ ᠲᠦᠷᠭᠡᠳᠬᠡᠨ᠂ ᠦᠬᠡᠬᠦᠯᠡᠬᠦ ᠬᠡᠮᠵᠢᠶ᠎ᠡ ᠶᠢ ᠨᠡᠮᠡᠭᠳᠡᠭᠦᠯᠵᠦ᠂ ᠪᠠᠰᠠ ᠪᠤᠰᠤᠳ ᠰᠢᠮ᠎ᠡ ᠲᠡᠵᠢᠭᠡᠯ ᠤᠨ ᠡᠳ᠋ ᠤᠨ ᠰᠢᠩᠭᠡᠭᠡᠯᠲᠡ ᠶᠢ ᠨᠦᠯᠦᠬᠡᠯᠡᠳᠡᠭ ᠶᠤᠮ᠃ 
ᠢᠷᠡᠯᠲᠡ᠄ ᠲᠣᠮᠳᠠᠳᠣ ᠣᠯᠣᠰ ᠤᠨ ᠮᠣᠩᠭᠤᠯ ᠷᠠᠳᠢᠣ᠋ ᠰᠦᠯᠵᠢᠶ᠎ᠡ